ᠲᠠᠯ᠎ᠠ ᠪᠠᠭᠠᠳᠠᠲᠠᠯ᠎ᠠ᠁ - ᠪᠠᠪᠤᠤ ᠶ᠋ᠢᠨ ᡀᠬᠠᠪᠠᠰᠥ᠋ᠷᠦᠩ Тал багадтал᠁ – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠯ᠎ᠠ ᠪᠠᠭᠠᠳᠠᠲᠠᠯ᠎ᠠ᠁ - ᠪᠠᠪᠤᠤ ᠶ᠋ᠢᠨ ᡀᠬᠠᠪᠠᠰᠥ᠋ᠷᠦᠩ Тал багадтал᠁ – Бавуугийн Лхагвасүрэн

ᠲᠠᠯ᠎ᠠ ᠪᠠᠭᠠᠳᠠᠲᠠᠯ᠎ᠠ᠁ - ᠪᠠᠪᠤᠤ ᠶ᠋ᠢᠨ ᡀᠬᠠᠪᠠᠰᠥ᠋ᠷᠦᠩ Тал багадтал᠁ – Бавуугийн Лхагвасүрэн

2025-03-24

423

ᠲᠠᠯ᠎ᠠ ᠪᠠᠭᠠᠳᠠᠲᠠᠯ᠎ᠠ᠁



 ᠲᠠᠯ᠎ᠠ ᠪᠠᠭᠠᠳᠠᠲᠠᠯ᠎ᠠ 
 ᠠᠭᠤᠵᠢᠭᠤ ᠪᠣᠳᠣᠵᠤ ᠴᠢᠳᠠᠬᠤ ᠦᠭᠡᠢ ᠪᠣᠯᠬᠣᠷ 
 ᠴᠡᠭᠡᠵᠢᠨ ᠳᠣᠲᠣᠷ᠎ᠠ ᠪᠠᠨ ᠯᠠ ᠪᠠᠭᠲᠠᠷᠠᠨ᠎ᠠ᠃ 
 ᠲᠠᠪᠢᠯᠠᠩ ᠭᠠᠵᠢᠬᠤ ᠤᠴᠢᠷ ᠦᠭᠡᠢ ᠪᠣᠯᠬᠣᠷ 
 ᠡᠨᠡᠬᠡᠨ ᠵᠠᠶᠠᠭᠠᠨ ᠳ᠋ᠠᠭᠠᠨ ᠪᠡᠳᠡᠷᠢᠨ᠎ᠡ᠃  

 ᠭᠤᠨᠢᠭ ᠤ᠋ᠨ ᠡᠭᠦᠯᠡ ᠪᠡᠨ ᠰᠠᠷᠨᠢᠲᠠᠯ᠎ᠠ 
 ᠤᠷᠲᠤ ᠠᠮᠢᠰᠬᠤᠭᠠᠯᠠᠬᠤ ᠦᠭᠡᠢ ᠪᠣᠯᠬᠣᠷ 
 ᠲᠠᠷᠢᠬᠢᠨ ᠳᠣᠲᠣᠷ᠎ᠠ ᠪᠠᠨ ᠯᠠ ᠪᠦᠭᠴᠢᠮᠳᠡᠨ᠎ᠡ᠃ 
 ᠭᠠᠷᠯᠠᠩ ᠦᠭᠡᠢ ᠶ᠋ᠢᠨ ᠦᠢᠯᠡ ᠶ᠋ᠢᠨ ᠦᠷ᠎ᠡ ᠶ᠋ᠢ 
 ᠪᠤᠴᠠᠭᠠᠵᠤ ᠴᠢᠳᠠᠬᠤ ᠦᠭᠡᠢ ᠪᠣᠯᠬᠣᠷ 
 ᠲᠠᠭᠠᠷᠠᠭᠰᠠᠨ ᠲᠥᠭᠡᠷᠭᠡ ᠳ᠋ᠡᠭᠡᠨ ᠯᠡ᠂ ᠪᠦᠳᠦᠴᠢᠨ᠎ᠡ᠃  

 ᠢᠨᠢᠶᠡᠬᠦ ᠶ᠋ᠢ ᠪᠠᠭᠠᠳᠠᠭᠤᠯᠤᠭᠰᠠᠨ 
 ᠬᠥᠮᠦᠨ ᠦ᠌ ᠣᠷᠴᠢᠯᠠᠩ ᠳ᠋ᠤ᠌ 
 ᠡᠢᠮᠦ ᠯᠡ《ᠵᠢᠷᠤᠭ》 ᠲᠠᠢ ᠳᠠᠭᠤᠰᠤᠨ᠎ᠠ᠃ 
 ᠬᠣᠢᠲᠤ ᠨᠠᠰᠤᠨ ᠳ᠋ᠠᠭᠠᠨ ᠵᠠᠷᠭᠤᠯᠳᠤᠶ᠎ᠠ᠁ ᠬᠡᠮᠡᠪᠡᠰᠦ 
 ᠤᠷᠢᠳᠤ ᠨᠠᠰᠤ ᠪᠠᠨ ᠡᠷᠭᠢᠵᠦ ᠡᠰᠡ ᠰᠠᠨᠠᠨ᠎ᠠ᠃     

             2011  ᠣᠨ  

        ᠦᠰᠦᠭ ᠠᠮᠢᠯᠠᠭᠤᠯᠤᠭᠴᠢ᠄ ᠡᠩᠬᠡᠪᠠᠲᠤ  
            ᠦᠰᠦᠭ ᠬᠢᠨᠠᠭᠴᠢ᠄ ᠪᠠᠶᠠᠷᠴᠡᠴᠡᠭ