ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 33 Нэгэн ном тавцан үн өдөр үн тэмдэглэлээс – 33 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 33 Нэгэн ном тавцан үн өдөр үн тэмдэглэлээс – 33

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 33 Нэгэн ном тавцан үн өдөр үн тэмдэглэлээс – 33

2025-03-24

479


       ᠪᠢᠳᠡᠨ ᠦ᠌ ᠠᠮᠢᠳᠤᠷᠠᠯ ᠳᠤᠮᠳᠠ ᠤᠷᠲᠤ ᠬᠤᠭᠤᠴᠠᠭ᠎ᠠ ᠪᠠᠷ ᠤᠲᠠᠰᠤᠳᠠᠭᠠᠳ ᠵᠣᠭᠰᠣᠬᠤ ᠦᠭᠡᠢ ᠶᠠᠪᠤᠳᠠᠯ ᠭᠠᠷᠳᠠᠭ ᠶᠤᠮ᠃ ᠨᠢᠭᠡ ᠥᠬᠢᠨ ᠭᠡᠷ ᠲᠦ᠍ ᠪᠡᠨ ᠨᠠᠢᠵᠠ ᠳ᠋ᠤ᠌ ᠪᠠᠨ ᠤᠲᠠᠰᠤ ᠠᠪᠴᠤ ᠭᠤᠷᠪᠠ ᠳᠥᠷᠪᠡᠨ ᠴᠠᠭ ᠢ᠋ᠶ᠋ᠠᠷ ᠶᠠᠷᠢᠯᠴᠠᠵᠤ ᠪᠠᠢᠭᠰᠠᠨ ᠦᠶ᠎ᠡ ᠳ᠋ᠦ᠍ ᠭᠡᠨᠡᠳᠲᠡ ᠠᠪᠤ ᠨᠢ ᠡᠭᠦᠳᠡ ᠶ᠋ᠢ ᠨᠢ ᠲᠦᠯᠬᠢᠨ ᠣᠷᠣᠵᠤ ᠢᠷᠡᠭᠡᠳ ᠭᠠᠷ ᠤᠲᠠᠰᠤ ᠶ᠋ᠢ ᠨᠢ ᠪᠤᠯᠢᠶᠠᠵᠤ ᠠᠪᠤᠨ ᠭᠠᠵᠠᠷ ᠰᠠᠪᠠᠭᠰᠠᠨ ᠭᠡᠨ᠎ᠡ᠃ ᠲᠡᠭᠡᠭᠡᠳ ᠶᠡᠬᠡ ᠠᠭᠤᠷᠲᠠᠢ ᠪᠠᠷ᠄《ᠪᠢ ᠲᠦᠯᠬᠢᠭᠦᠷ ᠢ᠋ᠶ᠋ᠡᠨ ᠠᠪᠤᠭᠰᠠᠨ ᠦᠭᠡᠢ ᠭᠡᠷ ᠦ᠋ᠨ ᠳᠣᠣᠷ᠎ᠠ ᠢᠷᠡᠵᠦ ᠴᠢᠮ᠎ᠠ ᠳ᠋ᠤ᠌ ᠪᠦᠬᠦᠯᠢ ᠪᠦᠲᠦᠨ ᠬᠣᠶᠠᠷ ᠴᠠᠭ ᠤᠲᠠᠰᠤ ᠠᠪᠬᠤ ᠳ᠋ᠤ᠌ ᠴᠢᠨᠦ ᠤᠲᠠᠰᠤ ᠨᠡᠪᠲᠡᠷᠡᠬᠦ ᠦᠭᠡᠢ᠂ ᠠᠷᠭ᠎ᠠ ᠶᠠᠳᠠᠬᠤ ᠳ᠋ᠤ᠌ ᠪᠠᠨ ᠪᠢ ᠨᠢᠭᠡ ᠴᠠᠭ ᠢᠯᠡᠭᠦᠦ ᠶᠠᠪᠤᠵᠤ ᠺᠣᠮᠫᠠᠨᠢ ᠳ᠋ᠤ᠌ ᠪᠠᠨ ᠬᠦᠷᠦᠭᠡᠳ ᠲᠦᠯᠬᠢᠭᠦᠷ ᠢ᠋ᠶ᠋ᠡᠨ ᠠᠪᠤᠯ᠎ᠠ》 ᠭᠡᠵᠡᠢ᠃ ᠬᠡᠷᠪᠡ ᠡᠩ ᠦ᠋ᠨ ᠪᠠᠢᠳᠠᠯ ᠳᠣᠣᠷ᠎ᠠ ᠡᠢᠮᠦ ᠤᠴᠢᠷ ᠭᠠᠷᠪᠠᠯ ᠣᠯᠠᠩᠬᠢ ᠬᠥᠮᠦᠨ ᠠᠪᠤ ᠡᠵᠢ ᠲᠡᠢ ᠪᠡᠨ ᠬᠡᠷᠡᠭᠦᠯ ᠬᠢᠬᠦ ᠪᠤᠶᠤ ᠭᠣᠮᠣᠳᠠᠳᠠᠭ᠃ ᠭᠡᠬᠦ ᠳ᠋ᠦ᠍ ᠡᠨᠡ ᠥᠬᠢᠨ ᠳᠠᠷᠠᠭ᠎ᠠ ᠡᠳᠦᠷ ᠨᠢ ᠭᠡᠷ ᠲᠦ᠍ ᠪᠡᠨ ᠨᠢᠭᠡ ᠭᠡᠷ ᠦ᠋ᠨ ᠤᠲᠠᠰᠤ ᠤᠭᠰᠠᠷᠠᠵᠤ ᠡᠨᠡ ᠠᠰᠠᠭᠤᠳᠠᠯ ᠢ᠋ ᠰᠢᠢᠳᠪᠦᠷᠢᠯᠡᠭᠰᠡᠨ ᠪᠠᠢᠨ᠎ᠠ᠃ ᠦᠨᠡᠨ ᠳ᠋ᠦ᠍ ᠪᠡᠨ ᠠᠮᠢᠳᠤᠷᠠᠯ ᠳᠤᠮᠳᠠ ᠪᠦᠬᠦᠢᠯᠡ ᠵᠥᠷᠢᠴᠡᠯ ᠮᠥᠷᠭᠥᠯᠳᠦᠭᠡᠨ ᠶᠠᠭᠠᠬᠢᠭᠠᠳ ᠶᠠᠪᠤᠬᠤ ᠳᠣᠳᠣᠮ ᠲᠣᠮᠣ ᠪᠣᠯᠳᠠᠭ ᠤ᠋ᠨ ᠰᠢᠯᠲᠠᠭᠠᠨ ᠨᠢ ᠪᠢᠳᠡ ᠠᠰᠠᠭᠤᠳᠠᠯ ᠢ᠋ ᠰᠢᠢᠳᠪᠦᠷᠢᠯᠡᠬᠦ ᠠᠷᠭ᠎ᠠ ᠶ᠋ᠢ ᠪᠣᠳᠣᠭ᠎ᠠ ᠦᠭᠡᠢ ᠡᠴᠡ ᠪᠣᠯᠤᠭᠰᠠᠨ ᠶᠤᠮ᠃ 

          ᠦᠰᠦᠭ ᠠᠮᠢᠯᠠᠭᠤᠯᠤᠭᠴᠢ᠄ ᠡᠩᠬᠡᠪᠠᠲᠤ 
                 ᠦᠰᠦᠭ ᠬᠢᠨᠠᠭᠴᠢ᠄ ᠪᠠᠶᠠᠷᠴᠡᠴᠡᠭ