ᠤᠯᠠᠭᠠᠨ ᠰᠦᠭᠮᠸᠯ Улаан сүгмел Ulaan sügmyel ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠰᠦᠭᠮᠸᠯ Улаан сүгмел Ulaan sügmyel

ᠤᠯᠠᠭᠠᠨ ᠰᠦᠭᠮᠸᠯ Улаан сүгмел Ulaan sügmyel

2025-03-24

255

ᠤᠯᠠᠭᠠᠨ ᠰᠦᠭᠮᠸᠯ

    ᠲᠤᠰ ᠡᠮ ᠪᠣᠯ ᠭᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠤᠯᠠᠭᠠᠨ ᠰᠦᠭᠮᠸᠯ ᠦ᠋ᠨ ᠪᠣᠯᠪᠠᠰᠤᠷᠠᠮᠠᠯ ᠵᠢᠮᠢᠰ ᠮᠥᠨ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃1.2~2m ᠥᠨᠳᠥᠷ᠂ ᠨᠤᠬᠤᠴᠢᠪᠠᠯ ᠠᠩᠬᠢᠯᠤᠮ᠎ᠠ ᠦᠨᠦᠷ ᠲᠡᠢ᠃ ᠮᠥᠯᠬᠥᠭᠡ ᠦᠨᠳᠦᠰᠦᠯᠢᠭ ᠡᠰᠢ ᠲᠡᠢ᠃ ᠳᠠᠩ ᠨᠠᠪᠴᠢ ᠴᠤᠪᠤᠷᠠᠨ ᠤᠷᠭᠤᠵᠤ᠂2 ᠮᠥᠷ ᠢ᠋ᠶ᠋ᠡᠷ ᠪᠠᠢᠷᠢᠯᠠᠨ᠎ᠠ᠃ ᠨᠠᠪᠴᠢᠨ ᠢᠯᠲᠠᠰᠤ ᠨᠢ ᠬᠠᠪᠲᠠᠭᠠᠢ ᠲᠡᠪᠡᠨᠡ ᠪᠤᠶᠤ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ  ᠬᠡᠯᠪᠡᠷᠢ ᠲᠡᠢ᠂20~30cm ᠤᠷᠲᠤ᠂3~7cm ᠥᠷᠭᠡᠨ᠂ ᠬᠣᠶᠠᠷ ᠲᠠᠯ᠎ᠠ ᠳᠤᠨᠢ ᠪᠦᠷ ᠦᠰᠦ ᠦᠭᠡᠢ᠃ ᠨᠠᠪᠴᠢᠨ ᠬᠡᠯᠡ ᠨᠢ1~3mm ᠤᠷᠲᠤ᠂ ᠦᠰᠦ ᠦᠭᠡᠢ᠂ ᠲᠡᠭᠰᠢ ᠪᠤᠶᠤ ᠵᠢᠭᠠᠬᠠᠨ ᠬᠣᠲᠣᠭᠣᠷ ᠣᠷᠣᠢ ᠲᠠᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠦᠨᠳᠦᠰᠦᠯᠢᠭ ᠡᠰᠢᠨ ᠡᠴᠡ ᠪᠡᠨ ᠤᠷᠭᠤᠨ᠎ᠠ᠃ ᠴᠡᠴᠡᠭ ᠦ᠋ᠨ ᠲᠣᠭᠳᠣᠢ ᠶ᠋ᠢᠨ ᠴᠣᠷᠭᠣ ᠨᠢ1.7cm ᠤᠷᠲᠤ᠂ ᠴᠠᠭᠠᠨ ᠥᠩᠭᠡ ᠲᠡᠢ᠃  ᠴᠡᠴᠡᠭ ᠦ᠋ᠨ ᠳᠡᠯᠪᠢ ᠶ᠋ᠢᠨ ᠴᠣᠷᠭᠣ ᠨᠢ1.8cm ᠤᠷᠲᠤ᠂ ᠴᠠᠭᠠᠨ ᠥᠩᠭᠡ ᠲᠡᠢ᠂ ᠤᠷᠤᠭᠤᠯ ᠬᠡᠯᠲᠡᠰ ᠨᠢ ᠲᠣᠭᠣᠷᠢᠭ ᠬᠠᠯᠪᠠᠭᠠᠨ ᠬᠡᠯᠪᠡᠷᠢ ᠲᠡᠢ᠂ ᠥᠷᠭᠡᠨ ᠨᠢ1.6cm ᠣᠷᠴᠢᠮ᠂ ᠣᠷᠣᠢ ᠳᠤᠨᠢ2 ᠣᠨᠢ ᠲᠠᠢ᠂ ᠤᠭ ᠤ᠋ᠨ ᠬᠡᠰᠡᠭ ᠲᠦ᠋ᠨᠢ2 ᠪᠣᠷᠣ  ᠥᠩᠭᠡ ᠲᠡᠢ ᠲᠠᠪᠤᠭᠠᠰᠤ ᠰᠢᠭ᠋ ᠲᠣᠯᠪᠣ ᠲᠠᠢ᠃1 ᠡᠷ᠎ᠡ ᠲᠣᠭᠣᠷᠴᠣᠭ ᠲᠠᠢ᠂1cm ᠣᠷᠴᠢᠮ ᠤᠷᠲᠤ᠂ ᠲᠣᠭᠣᠰᠣᠪᠴᠢ ᠨᠢ ᠤᠷᠲᠤᠯᠵᠢᠨ ᠪᠥᠭᠡᠷᠡᠩᠬᠡᠢ ᠬᠡᠯᠪᠡᠷᠢ ᠲᠡᠢ᠃ ᠬᠣᠩᠭᠣᠷᠴᠣᠭᠲᠤ ᠵᠢᠮᠢᠰ ᠨᠢ ᠪᠥᠮᠪᠥᠭᠡᠯᠵᠢᠨ ᠪᠤᠶᠤ ᠤᠷᠲᠤᠯᠵᠢᠨ ᠪᠥᠭᠡᠷᠡᠩᠬᠡᠢ ᠬᠡᠯᠪᠡᠷᠢ ᠲᠡᠢ᠂ ᠳ᠋ᠢᠶᠠᠮᠧᠲ᠋ᠷ ᠨᠢ1.5cm ᠣᠷᠴᠢᠮ᠂ ᠵᠥᠭᠡᠯᠡᠨ ᠥᠷᠭᠡᠰᠦ ᠲᠡᠢ᠂ ᠪᠣᠯᠪᠠᠰᠤᠷᠠᠪᠠᠯ ᠬᠦᠷᠡᠩ ᠤᠯᠠᠭᠠᠨ ᠪᠣᠯᠳᠠᠭ᠃ ᠵᠢᠮᠢᠰ ᠦ᠋ᠨ ᠬᠠᠯᠢᠰᠤ ᠨᠢ ᠰᠠᠯᠠᠭ᠎ᠠ ᠦᠭᠡᠢ ᠵᠥᠭᠡᠯᠡᠨ ᠥᠷᠭᠡᠰᠦ ᠲᠡᠢ᠂ ᠥᠷᠭᠡᠰᠦ ᠶ᠋ᠢᠨ ᠤᠷᠲᠤ ᠨᠢ1~1.5mm᠃ ᠣᠯᠠᠨ ᠦᠷ᠎ᠡ ᠲᠡᠢ᠂ ᠠᠩᠬᠢᠯᠤᠮ᠎ᠠ ᠦᠨᠦᠷ ᠲᠡᠢ᠃3~5 ᠳ᠋ᠤᠭᠠᠷ ᠰᠠᠷ᠎ᠠ ᠳ᠋ᠤ᠌ ᠴᠡᠴᠡᠭᠯᠡᠵᠦ᠂7~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ  ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠭᠣᠣ ᠶ᠋ᠢᠨ ᠣᠢ ᠶ᠋ᠢᠨ ᠳᠣᠣᠷᠠᠬᠢ ᠰᠡᠭᠦᠳᠡᠷ ᠴᠢᠭᠢᠭᠯᠢᠭ ᠭᠠᠵᠠᠷ ᠲᠤ᠌ ᠤᠷᠭᠤᠨ᠎ᠠ᠃ ᠭᠣᠣᠯᠳᠠᠭᠤ ᠹᠦᠵᠢᠶᠠᠨ᠂ ᠭᠣᠩᠳᠥ᠋ᠩ᠂
ᠭᠤᠸᠠᠩᠰᠢ᠂ ᠶᠦᠨᠨᠠᠨ ᠳ᠋ᠤ᠌ ᠲᠠᠷᠬᠠᠴᠠ ᠲᠠᠢ᠃ ᠣᠳᠣ ᠠᠷᠠᠴᠢᠯᠠᠨ ᠲᠠᠷᠢᠵᠤ ᠪᠠᠢᠨ᠎ᠠ᠃
   [ ᠲᠡᠭᠦᠵᠦ ᠪᠣᠯᠪᠠᠰᠤᠷᠠᠭᠤᠯᠬᠤ] ᠵᠢᠮᠢᠰ ᠢ᠋ ᠨᠢ ᠪᠣᠯᠪᠠᠰᠤᠷᠠᠬᠤ ᠦᠶ᠎ᠡ ᠳ᠋ᠦ᠍ ᠵᠢᠮᠢᠰ ᠦ᠋ᠨ ᠲᠦᠷᠦᠭᠦᠦ ᠶ᠋ᠢ ᠨᠢ ᠬᠠᠢᠴᠢᠯᠠᠨ ᠠᠪᠴᠤ᠂ ᠴᠢᠬᠢᠷᠰᠤᠨ ᠳᠡᠭᠡᠷ᠎ᠡ ᠳᠡᠯᠭᠡᠵᠦ ᠵᠥᠭᠡᠯᠡᠨ ᠭᠠᠯ ᠢ᠋ᠶ᠋ᠠᠷ ᠬᠠᠭᠰᠠᠭᠠᠵᠤ ᠬᠠᠭᠠᠰ ᠬᠠᠲᠠᠭᠠᠭᠠᠳ ᠬᠠᠯᠠᠭᠤᠨ ᠳᠡᠭᠡᠷ᠎ᠡ ᠨᠢ ᠬᠦᠢᠲᠡᠨ ᠤᠰᠤ ᠰᠦᠷᠴᠢᠭᠡᠳ ᠳᠠᠬᠢᠨ ᠵᠥᠭᠡᠯᠡᠨ ᠭᠠᠯ ᠳᠡᠭᠡᠷ᠎ᠡ ᠬᠠᠭᠰᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ᠂ ᠭᠠᠰᠢᠭᠤᠨ ᠠᠮᠲᠠ ᠲᠠᠢ᠃ ᠪᠦᠯᠢᠶᠡᠨ ᠴᠢᠨᠠᠷ ᠲᠠᠢ᠃ ᠬᠥᠩᠭᠡᠨ᠂ ᠬᠠᠭᠤᠷᠠᠢ᠂ ᠲᠣᠰᠣᠯᠢᠭ᠂ ᠬᠤᠷᠴᠠ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠦ᠌ ᠬᠦᠢᠲᠡᠨ ᠢ᠋ ᠠᠷᠢᠯᠭᠠᠬᠤ᠂ ᠬᠡᠢ ᠶ᠋ᠢ ᠳᠠᠷᠤᠬᠤ᠂ ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠪᠥᠭᠡᠯᠵᠢᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠪᠥᠭᠡᠷᠡᠨ ᠦ᠌ ᠬᠦᠢᠲᠡᠨ ᠬᠡᠢ᠂ ᠪᠥᠭᠡᠷᠡᠨ ᠦ᠌ ᠠᠷᠬᠠᠭ᠂  ᠪᠥᠭᠡᠷᠡᠨ ᠦ᠌       ᠳ᠋ᠠᠷᠭᠠᠨ ᠡᠪᠡᠳᠴᠢᠨ ᠢ᠋  ᠵᠠᠰᠠᠬᠤ ᠳ᠋ᠤ᠌ ᠬᠡᠷᠡᠭᠯᠡᠨ᠎ᠡ᠃
    
     ᠬᠢᠲᠠᠳ ᠨᠡᠷ᠎ᠡ᠄砂仁(阳春砂)
     ᠠᠩᠭ᠌ᠯᠢ ᠨᠡᠷ᠎ᠡ᠄дmomum uiosum lour

    ᠦᠰᠦᠭ ᠠᠮᠢᠯᠠᠭᠤᠯᠤᠭᠴᠢ᠄ ᠲᠣᠣᠬᠣᠸᠠᠷ
    ᠬᠢᠨᠠᠭᠴᠢ᠄ ᠣᠶᠤᠨᠴᠢᠮᠡᠭ   ᠲᠤᠶᠠᠭ᠎ᠠ