ᠮᠠᠷᠲᠠᠬᠤᠢ - ᠪᠠᠪᠤᠤ ᠶ᠋ᠢᠨ ᡀᠬᠠᠪᠠᠰᠥ᠋ᠷᠦᠩ Мартахуй – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠲᠠᠬᠤᠢ - ᠪᠠᠪᠤᠤ ᠶ᠋ᠢᠨ ᡀᠬᠠᠪᠠᠰᠥ᠋ᠷᠦᠩ Мартахуй – Бавуугийн Лхагвасүрэн

ᠮᠠᠷᠲᠠᠬᠤᠢ - ᠪᠠᠪᠤᠤ ᠶ᠋ᠢᠨ ᡀᠬᠠᠪᠠᠰᠥ᠋ᠷᠦᠩ Мартахуй – Бавуугийн Лхагвасүрэн

2025-03-23

910

ᠮᠠᠷᠲᠠᠬᠤᠢ


 ᠬᠠᠮᠢᠭ᠎ᠠ ᠴᠦ᠍ ᠳᠤᠷ᠎ᠠ ᠪᠠᠷ ᠢ᠋ᠶ᠋ᠠᠨ ᠢᠰᠬᠡᠷᠬᠦ 
 ᠰᠠᠯᠬᠢᠨ ᠳ᠋ᠤ᠌ ᠪᠢ ᠠᠲᠠᠭᠠᠷᠬᠠᠳᠠᠭ᠃     
     ᠰᠠᠯᠬᠢ ᠡᠴᠡᠳᠡᠭ ᠢ᠋ ᠮᠠᠷᠲᠠᠭᠠᠳ᠁ 
 ᠬᠠᠮᠢᠭᠠᠰᠢ ᠪᠠᠨ ᠴᠦ᠍ ᠬᠠᠮᠢᠶ᠎ᠠ ᠦᠭᠡᠢ ᠤᠷᠤᠰᠳᠠᠭ 
 ᠤᠰᠤᠨ ᠳ᠋ᠤ᠌ ᠪᠢ ᠠᠲᠠᠭᠠᠷᠬᠠᠳᠠᠭ᠃      
     ᠤᠰᠤ ᠰᠢᠷᠭᠢᠳᠡᠭ ᠢ᠋ ᠮᠠᠷᠲᠠᠭᠠᠳ᠁ 
 ᠬᠣᠯᠠ ᠶ᠋ᠢᠨ ᠬᠣᠯᠠ ᠳ᠋ᠤ᠌ ᠳᠠᠭᠤᠷᠢᠰᠬᠤ 
 ᠴᠤᠤᠷᠢᠶᠠᠨ ᠳ᠋ᠤ᠌ ᠪᠢ ᠠᠲᠠᠭᠠᠷᠬᠠᠳᠠᠭ᠃     
     ᠪᠤᠴᠠᠭᠠᠳ ᠢᠷᠡᠳᠡᠭ ᠢ᠋ ᠨᠢ ᠮᠠᠷᠲᠠᠭᠠᠳ᠁ 
 ᠬᠣᠶᠠᠷ ᠦᠵᠦᠭᠦᠷ ᠨᠢ ᠡᠨᠡᠭᠦᠬᠡᠨ ᠳ᠋ᠦ᠍ 
 ᠰᠣᠯᠣᠩᠭᠠᠨ ᠳ᠋ᠤ᠌ ᠪᠢ ᠠᠲᠠᠭᠠᠷᠬᠠᠳᠠᠭ᠃     
     ᠬᠣᠭᠣᠰᠣᠨ ᠭᠡᠳᠡᠭ ᠢ᠋ ᠨᠢ ᠮᠠᠷᠲᠠᠭᠠᠳ᠁ 
 ᠠᠷᠪᠠᠨ ᠲᠠᠪᠤᠨ ᠤ᠋ ᠰᠠᠷᠠᠨ ᠮᠠᠨᠳᠤᠬᠤ ᠳ᠋ᠤ᠌ 
 ᠲᠤᠩᠭᠠᠯᠠᠭ ᠲᠤᠨᠢ ᠪᠢ ᠠᠲᠠᠭᠠᠷᠬᠠᠳᠠᠭ᠃      
     ᠡᠭᠦᠯᠡᠨ ᠳ᠋ᠦ᠍ ᠬᠬᠢᠷᠳᠦᠳᠡᠭ ᠢ᠋ ᠨᠢ ᠮᠠᠷᠲᠠᠭᠠᠳ᠁  

       ᠦᠰᠦᠭ ᠠᠮᠢᠯᠠᠭᠤᠯᠤᠭᠴᠢ᠄ ᠡᠩᠬᠡᠪᠠᠲᠤ  
         ᠦᠰᠦᠭ ᠬᠢᠨᠠᠭᠴᠢ᠄ ᠪᠠᠶᠠᠷᠴᠡᠴᠡᠭ