ᠪᠤᠭᠤᠷᠤᠯ ᠮᠣᠷᠢ- ᠴ· ᠪᠠᠳᠮᠠᠬᠠᠨᠳᠠ Буурал морь-Ч.Бадамханд
ᠪᠤᠭᠤᠷᠤᠯ ᠮᠣᠷᠢ
ᠪᠤᠭᠤᠷᠤᠯ ᠮᠣᠷᠢ
ᠴ· ᠪᠠᠳᠮᠠᠬᠠᠨᠳᠠ ᠳᠠᠭᠤᠯᠠᠨ᠎ᠠ
ᠪᠤᠭᠤᠷᠤᠯ ᠮᠣᠷᠢ ᠶ᠋ᠢ ᠤᠨᠤᠶ᠎ᠠ ᠭᠡᠪᠡᠯ
ᠪᠤᠲᠠᠷᠠᠭᠤᠯᠤᠭᠠᠳ ᠭᠠᠷᠤᠨ᠎ᠠ ᠬᠦ
ᠪᠤᠭᠤᠷᠤᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ
ᠪᠤᠶᠠᠨ ᠲᠠᠢ ᠲᠥᠷᠥᠭᠰᠡᠨ ᠠᠮᠠᠷᠠᠭ ᠴᠢᠮ᠎ᠠ ᠳ᠋ᠤ᠌ ᠪᠠᠨ
ᠪᠣᠳᠣᠭᠰᠠᠨ ᠢ᠋ ᠪᠡᠨ ᠬᠡᠯᠡᠪᠡᠯ ᠳᠡ ᠬᠦ
ᠪᠣᠷᠣᠭᠠᠨ ᠤ᠋ ᠤᠰᠤ ᠰᠢᠭ᠋ ᠮᠡᠯᠲᠡᠯᠵᠡᠭᠦᠯᠦᠨ
ᠤᠬᠢᠯᠠᠭᠠᠳ ᠭᠠᠷᠤᠨ᠎ᠠ ᠬᠦ
᠂
ᠰᠠᠭᠠᠷᠠᠯ ᠮᠣᠷᠢ ᠶ᠋ᠢ ᠤᠨᠤᠶ᠎ᠠ ᠭᠡᠪᠡᠯ
ᠰᠠᠳᠠᠷᠠᠭᠤᠯᠤᠭᠠᠳ ᠭᠠᠷᠤᠨ᠎ᠠ ᠬᠦ
ᠰᠠᠭᠠᠷᠠᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ
ᠰᠠᠢᠬᠠᠨ ᠲᠥᠷᠥᠭᠰᠡᠨ ᠠᠮᠠᠷᠠᠭ ᠴᠢᠮ᠎ᠠ ᠳ᠋ᠤ᠌ ᠪᠠᠨ
ᠰᠠᠨᠠᠭᠰᠠᠨ ᠢ᠋ ᠪᠡᠨ ᠬᠡᠯᠡᠪᠡᠯ ᠳᠡ ᠬᠦ
ᠰᠠᠷᠠᠪᠴᠢᠨ ᠤ᠋ ᠤᠰᠤ ᠰᠢᠭ᠋ ᠮᠡᠯᠲᠡᠯᠵᠡᠭᠦᠯᠦᠨ
ᠤᠬᠢᠯᠠᠭᠠᠳ ᠭᠠᠷᠤᠨ᠎ᠠ ᠬᠦ
᠂
ᠪᠤᠭᠤᠷᠤᠯ ᠮᠣᠷᠢ ᠶ᠋ᠢ ᠤᠨᠤᠶ᠎ᠠ ᠭᠡᠪᠡᠯ
ᠪᠤᠲᠠᠷᠠᠭᠤᠯᠤᠭᠠᠳ ᠭᠠᠷᠤᠨ᠎ᠠ ᠬᠦ
ᠪᠤᠭᠤᠷᠤᠯ ᠬᠠᠯᠵᠠᠨ ᠭᠠᠯᠠᠭᠤᠨ ᠤ᠋ ᠳᠡᠭᠳᠡᠭᠡᠬᠡᠢ
ᠱᠣᠮᠪᠣᠯᠵᠠᠭᠤᠯᠤᠭᠠᠳ ᠢᠷᠡᠨ᠎ᠡ ᠬᠦ
ᠪᠤᠶᠠᠨ ᠲᠠᠢ ᠲᠥᠷᠥᠭᠰᠡᠨ ᠠᠮᠠᠷᠠᠭ ᠴᠢᠮ᠎ᠠ ᠳ᠋ᠤ᠌ ᠪᠠᠨ
ᠪᠣᠳᠣᠭᠰᠠᠨ ᠢ᠋ ᠪᠡᠨ ᠬᠡᠯᠡᠪᠡᠯ ᠳ᠋ᠡ ᠬᠦ
ᠪᠣᠷᠣᠭᠠᠨ ᠤ᠋ ᠤᠰᠤ ᠰᠢᠭ᠋ ᠮᠡᠯᠲᠡᠯᠵᠡᠭᠦᠯᠦᠨ
ᠤᠬᠢᠯᠠᠭᠠᠳ ᠭᠠᠷᠤᠨ᠎ᠠ ᠬᠦ
᠂
ᠦᠰᠦᠭ ᠬᠠᠲᠠᠭᠴᠢ᠄ ᠥᠨᠢᠮᠥ᠋ᠩᠬᠡ
ᠬᠢᠨᠠᠭᠴᠢ ᠪᠠᠭᠰᠢ᠄ ᠬᠠᠢ ᠵᠢᠶᠦ᠋ᠨ
