ᠢᠯᠡ ᠣᠷᠣᠰᠢᠬᠤᠢ ᠶ᠋ᠢᠨ ᠳᠠᠯᠳᠠ ᠬᠡᠯᠪᠡᠷᠢ-ᠫ᠊·ᠣᠶᠤᠨᠭᠡᠷᠡᠯИл оршихуйн далд хэлбэр-П·Оюунгэрэл
ᠢᠯᠡ ᠣᠷᠣᠰᠢᠬᠤᠢ ᠶ᠋ᠢᠨ ᠳᠠᠯᠳᠠ ᠬᠡᠯᠪᠡᠷᠢ
ᠦᠭᠡ᠄ ᠫ᠊·ᠣᠶᠤᠨᠭᠡᠷᠡᠯ
ᠤᠶᠠᠩᠭᠠᠯᠠᠭᠴᠢ᠄ ᠪᠤᠤ ᠰᠠᠷᠠᠨ᠎ᠠ
ᠲᠡᠨᠢᠭᠦᠬᠡᠨ ᠭᠣᠪᠢ ᠶ᠋ᠢᠨ ᠴᠡᠩᠬᠡᠷᠬᠡᠨ ᠵᠡᠷᠭᠡᠯᠭᠡᠨ
ᠲᠩᠷᠢ ᠶ᠋ᠢᠨ ᠬᠠᠶᠠᠭ᠎ᠠ ᠲᠠᠢ ᠰᠡᠮᠬᠡᠨ ᠠᠭᠤᠰᠤᠭᠠᠳ
ᠲᠢᠪ ᠳᠡᠯᠡᠬᠡᠢ ᠲᠡᠷᠡ ᠴᠢᠭ ᠢ᠋ᠶ᠋ᠡᠷ ᠢ᠋ᠶ᠋ᠡᠨ
ᠲᠠᠩᠭᠢᠰ ᠳᠠᠯᠠᠢ ᠰᠢᠭ᠋ ᠦᠶᠡᠯᠡᠨ ᠳᠠᠪᠠᠯᠭᠠᠯᠠᠨ᠎ᠠ᠃
ᠲᠡᠮᠡᠭᠡᠨ ᠵᠢᠩ ᠦ᠋ᠨ ᠬᠦᠷᠡᠯ ᠬᠣᠩᠬᠣ
《ᠭᠣᠷᠣᠩ! ᠭᠣᠷᠣᠩ! 》 ᠡᠭᠡᠰᠢᠭᠯᠡᠭᠰᠡᠭᠡᠷ
ᠭᠣᠪᠢ ᠶ᠋ᠢᠨ ᠰᠢᠷᠭᠠᠯ ᠮᠠᠩᠬᠠᠨ ᠳᠤᠮᠳᠠᠭᠤᠷ
ᠬᠣᠯᠠ ᠶ᠋ᠢᠨ ᠪᠡᠷᠬᠡ ᠳ᠋ᠦ᠍ ᠪᠠᠷ᠎ᠠ ᠲᠠᠰᠤᠷᠠᠨ᠎ᠠ᠃
ᠤᠨᠢᠶᠠᠷᠲᠤᠨ ᠬᠥᠪᠥᠷᠡᠬᠦ ᠭᠠᠨᠳᠠᠷᠢᠰᠤᠨ ᠳᠤᠮᠳᠠ
ᠣᠲᠣᠷ ᠤ᠋ᠨ ᠮᠠᠢᠬᠠᠨ ᠱᠣᠪᠣᠢᠵᠤ ᠬᠠᠷᠠᠭᠳᠠᠨ᠎ᠠ᠃
ᠣᠴᠢᠭᠠᠳ ᠨᠢᠭᠡ ᠦᠵᠡᠪᠡᠯ ᠵᠠᠭ ᠰᠣᠨᠳᠤᠤᠯᠠ ᠲᠡᠳᠦᠢᠬᠡᠨ
ᠣᠷᠴᠢᠯᠠᠩ ᠭᠡᠭᠴᠢ ᠬᠠᠭᠤᠷᠮᠠᠴᠢ ᠶᠤᠮ ᠳᠠ ᠬᠥᠭᠡᠷᠦᠬᠦᠢ!
ᠰᠥᠷᠦᠭ ᠲᠡᠮᠡᠭᠡᠳ ᠰᠦᠮᠪᠦᠷᠯᠡᠵᠦ ᠡᠩᠨᠡᠷᠡᠨᠡ
ᠱᠤᠤᠭᠢᠭᠤᠯᠵᠤ ᠣᠴᠢᠭᠠᠳ ᠨᠠᠷᠢᠪᠴᠢ ᠬᠠᠷᠠᠪᠠ
ᠱᠣᠲᠤᠭᠤᠷ ᠪᠣᠷᠣ ᠬᠣᠨᠢᠨ ᠬᠦᠷᠪᠡᠯ
ᠲᠣᠯᠣᠭᠠᠢ ᠭᠡᠳᠡᠢᠨ ᠵᠣᠭᠰᠣᠬᠤ ᠶᠤᠮ᠃
ᠭᠠᠯᠪᠠ ᠶ᠋ᠢᠨ ᠰᠢᠷᠭᠠᠯ ᠭᠣᠪᠢ ᠨᠤᠲᠤᠭ ᠤ᠋ᠨ
ᠭᠠᠢᠬᠠᠯᠲᠠᠢ ᠬᠠᠭᠤᠷᠮᠠᠴᠢ ᠦᠵᠡᠭᠳᠡᠯ ᠬᠡᠮᠡᠭᠴᠢ
ᠭᠠᠩᠭᠠᠩ ᠪᠠᠢᠭᠠᠯᠢ ᠶ᠋ᠢᠨ ᠤᠤᠷ ᠴᠢᠨᠠᠷ
ᠭᠠᠢᠬᠠᠮᠰᠢᠭᠲᠤ ᠨᠢᠭᠤᠴᠠ ᠣᠷᠣᠰᠢᠬᠤᠢ ᠪᠤᠶᠤ!
2025.3.15 ᠤ᠋ ᠡᠳᠦᠷ ᠬᠥᠬᠡᠬᠣᠲᠠᠨ᠎ᠠ᠃
ᠦᠰᠦᠭ ᠠᠮᠢᠯᠠᠭᠤᠯᠤᠭᠴᠢ᠄ ᠣᠳᠬᠠᠨᠰᠣ᠎ᠠ
ᠦᠰᠦᠭ ᠬᠠᠲᠠᠭᠴᠢ᠄ ᠪᠦᠦ· ᠰᠠᠷᠠᠨ᠎ᠠ
ᠬᠢᠨᠠᠭᠴᠢ᠄ ᠫ· ᠣᠶᠤᠨᠭᠡᠷᠡᠯ
