ᠳᠥᠷᠪᠡᠨ ᠤᠯᠠᠷᠢᠯ ᠤ᠋ᠨ ᠥᠩᠭᠡ-ᠨᠢᠮᠠᠵᠠᠭᠳᠠ· ᠬᠠᠨᠳᠤᠮ᠎ᠠДөрвөн улирлын өнгө-Нямжагд· Хандам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ ᠤ᠋ᠨ ᠥᠩᠭᠡ-ᠨᠢᠮᠠᠵᠠᠭᠳᠠ· ᠬᠠᠨᠳᠤᠮ᠎ᠠДөрвөн улирлын өнгө-Нямжагд· Хандам

ᠳᠥᠷᠪᠡᠨ ᠤᠯᠠᠷᠢᠯ ᠤ᠋ᠨ ᠥᠩᠭᠡ-ᠨᠢᠮᠠᠵᠠᠭᠳᠠ· ᠬᠠᠨᠳᠤᠮ᠎ᠠДөрвөн улирлын өнгө-Нямжагд· Хандам

ᠠᠩᠭᠢᠯᠠᠯ:ᠳᠠᠭᠤᠤ ᠬᠥᠭᠵᠢᠮ
2025-03-20

1071

ᠳᠥᠷᠪᠡᠨ ᠤᠯᠠᠷᠢᠯ ᠤ᠋ᠨ ᠥᠩᠭᠡ 

    ᠦᠭᠡ᠄ ᠵ· ᠷᠠᠳᠨᠠᠳᠠᠷᠭᠢᠶ᠎ᠠ 
    ᠠᠶ᠎ᠠ᠄ ᠴᠣᠢᠵᠢᠯᠵᠠᠪ 
    ᠳᠠᠭᠤᠴᠢᠨ᠄ ᠨᠢᠮᠠᠵᠠᠭᠳᠠ· ᠬᠠᠨᠳᠤᠮ᠎ᠠ 
 ᠬᠠᠢᠯᠤᠨ ᠰᠡᠮᠡᠵᠡᠷᠡᠬᠦ ᠴᠠᠰᠤ ᠪᠠᠨ ᠳᠠᠭᠠᠭᠠᠳ 
 ᠬᠠᠪᠤᠷ ᠤ᠋ᠨ ᠥᠩᠭᠡ ᠨᠢ ᠴᠣᠬᠣᠷ ᠪᠢᠯᠡ 
 ᠬᠠᠰᠢᠷ ᠮᠠᠯᠴᠢᠳ ᠤ᠋ᠨ ᠢ᠋ᠶ᠋ᠠᠨ ᠠᠯᠳᠠᠷ ᠢ᠋ ᠡᠷᠭᠦᠭᠡᠳ        
 ᠬᠠᠩᠭᠢᠨᠠᠬᠤ ᠲᠥᠯ ᠳᠠᠭᠤᠴᠢᠨ ᠪᠢᠯᠡ 
 ᠵᠠᠭᠤᠨ ᠲᠦᠮᠡᠨ ᠴᠡᠴᠡᠭ  ᠶ᠋ᠢᠡᠨ ᠳᠠᠭᠠᠭᠠᠳ 
 ᠵᠤᠨ ᠤ᠋ ᠥᠩᠭᠡ ᠨᠢ ᠨᠣᠭᠣᠭᠠᠨ ᠪᠢᠯᠡ  
 ᠬᠥᠪᠴᠢ ᠲᠠᠢᠭ᠎ᠠ ᠳ᠋ᠠᠭᠠᠨ ᠤᠶᠠᠩᠭ᠎ᠠ ᠡᠷᠭᠦᠭᠡᠳ 
 ᠬᠥᠬᠥᠭᠡ ᠰᠢᠪᠠᠭᠤ ᠨᠢ ᠳᠠᠭᠤᠴᠢᠨ ᠪᠢᠯᠡ 
 ᠨᠠᠯᠠᠭᠠᠷ ᠰᠢᠷ᠎ᠠ ᠨᠠᠷᠠ ᠪᠠᠨ ᠳᠠᠭᠠᠭᠠᠳ
 ᠨᠠᠮᠤᠷ ᠤ᠋ᠨ ᠥᠩᠭᠡ ᠨᠢ ᠨᠣᠭᠣᠭᠠᠨ ᠪᠢᠯᠡ
 ᠬᠠᠩᠭᠠᠢ ᠬᠥᠪᠴᠢ ᠳ᠋ᠡᠭᠡᠨ ᠤᠶᠠᠩᠭ᠎ᠠ ᠨᠡᠮᠡᠭᠡᠳ
 ᠬᠠᠯᠢᠭᠤᠨ ᠪᠤᠭᠤ ᠨᠢ ᠳᠠᠭᠤᠴᠢᠨ ᠪᠢᠯᠡ
 ᠥᠩᠭᠡᠷᠡᠨ ᠴᠠᠪᠴᠠᠢᠬᠤ ᠴᠠᠰᠤ ᠪᠠᠨ ᠳᠠᠭᠠᠭᠠᠳ
 ᠡᠪᠦᠯ ᠦ᠋ᠨ ᠥᠩᠭᠡ ᠨᠢ ᠴᠠᠭᠠᠨ ᠪᠢᠯᠡ
 ᠮᠥᠷᠡᠨ ᠭᠣᠣᠯ ᠳ᠋ᠠᠭᠠᠨ ᠤᠶᠠᠩᠭ᠎ᠠ ᠡᠷᠭᠦᠭᠡᠳ
 ᠬᠠᠷᠠᠵᠠᠨ ᠤ᠋ ᠤᠰᠤ ᠳᠠᠭᠤᠴᠢᠨ ᠪᠢᠯᠡ
 ᠳᠠᠭᠤᠴᠢᠨ ᠪᠢᠯᠡ
 
 ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
 ᠦᠰᠦᠭ ᠬᠠᠲᠠᠭᠰᠠᠨ ᠨᠢ᠄ ᠪᠦᠷᠢᠨᠵᠢᠷᠭᠠᠯ
 ᠬᠢᠨᠠᠭᠴᠢ᠄ ᠪᠠᠶᠠᠷᠴᠡᠴᠡᠭ