ᠲᠤᠭᠤᠯ ᠲᠠᠲᠠᠳᠠᠭ᠋ ᠢ᠋ᠶ᠋ᠠᠨ ᠰᠠᠨᠠᠵᠤ ᠪᠠᠢᠨ᠎ᠠ - ᠬᠡᠷᠡᠢᠳ ᠮᠥᠩᠬᠡᠨᠠᠰᠤᠨTогол татдагаа санаж байна-Хэрэйд Мөнхнасан
ᠲᠤᠭᠤᠯ ᠲᠠᠲᠠᠳᠠᠭ᠋ ᠢ᠋ᠶ᠋ᠠᠨ ᠰᠠᠨᠠᠵᠤ ᠪᠠᠢᠨ᠎ᠠ
ᠵᠣᠬᠢᠶᠠᠭᠴᠢ᠄ ᠬᠡᠢᠷᠡᠳ ᠮᠥᠩᠬᠡᠨᠠᠰᠤᠨ
ᠤᠶᠠᠩᠭᠠᠯᠠᠭᠴᠢ᠄ ᠰᠣᠯᠤᠩᠭ᠎ᠠ
ᠦᠨᠢᠶᠡᠨ ᠵᠠᠯᠠᠨ ᠳᠡᠭᠡᠷ᠎ᠡ
ᠡᠵᠢ ᠳ᠋ᠦ᠍ ᠪᠡᠨ ᠦᠮᠦᠰᠢᠵᠤ ※
ᠲᠤᠭᠤᠯ ᠲᠠᠲᠠᠳᠠᠭ ᠢ᠋ᠶ᠋ᠠᠨ ᠰᠠᠨᠠᠵᠤ ᠪᠠᠢᠨ᠎ᠠ
ᠡᠵᠢ ᠶ᠋ᠢᠨ ᠢ᠋ᠶ᠋ᠡᠨ ᠬᠠᠢᠷ᠎ᠠ ᠳ᠋ᠤ᠌
ᠴᠠᠳᠤᠶᠠ ᠭᠡᠮᠡᠨ
ᠲᠣᠢᠮᠣᠭ ᠲᠤᠭᠤᠯ
ᠲᠣᠯᠣᠭᠠᠢ ᠬᠤᠷᠤᠢᠯᠠᠨ ᠲᠡᠮᠡᠦᠯᠦᠨ᠎ᠡ
ᠠᠯᠢᠶ᠎ᠠ ᠬᠥᠳᠡᠯᠵᠦ᠂ ᠲᠡᠭᠦᠨ ᠳ᠋ᠦ᠍
ᠥᠷᠥᠮ᠎ᠡ ᠬᠤᠷᠤᠳ ᠢ᠋ ᠴᠢᠨᠢ ᠴᠦ᠍
ᠬᠤᠪᠢᠶᠠᠯᠴᠠᠨ᠎ᠠ ᠰᠢᠦ! ᠭᠡᠵᠦ ᠳᠠᠭᠠᠵᠢᠩᠨᠠᠪᠠᠯ
ᠥᠨᠥᠬᠢ ᠲᠣᠢᠮᠣᠭ᠋
ᠡᠬᠡ ᠥᠭᠡᠳᠡ ᠪᠡᠨ
ᠨᠢᠳᠦ ᠦᠭᠡᠢ ᠶᠦ᠍ᠮ ᠰᠢᠬ ᠵᠢᠳᠬᠦᠨ᠎ᠡ
ᠡᠨᠡ ᠦᠶ᠎ᠡ
ᠡᠵᠢ ᠶ᠋ᠢᠨ ᠮᠢᠨᠢ ᠠᠷᠪᠠᠨ ᠬᠤᠷᠤᠭᠤᠨ ᠠ᠋ᠴᠠ
ᠰᠠᠭᠤᠯᠠᠭᠠᠨ ᠵᠦᠭ
ᠰᠣᠯᠣᠩᠭ᠎ᠠ ᠲᠠᠲᠠᠳᠠᠭ ᠪᠠᠢᠭᠰᠠᠨ
ᠡᠵᠢ ᠶ᠋ᠢᠨ ᠮᠢᠨᠢ ᠪᠣᠷᠣᠬᠠᠨ ᠴᠢᠷᠠᠢ
ᠮᠢᠨᠦ ᠵᠦᠭ
ᠬᠠᠢᠷ᠎ᠠ ᠪᠠᠨ ᠱᠠᠩᠨᠠᠳᠠᠭ ᠪᠠᠢᠭᠰᠠᠨ
ᠪᠢ ᠬᠡᠵᠢᠶᠡᠳᠡ ᠪᠡᠨ
ᠲᠤᠭᠤᠯ ᠰᠢᠤᠬᠠᠨ
ᠡᠵᠢ ᠶ᠋ᠢᠨ ᠢ᠋ᠶ᠋ᠡᠨ ᠬᠠᠵᠠᠭᠤ ᠳ᠋ᠤ᠌
ᠡᠷᠬᠡᠯᠡᠶᠡ ᠭᠡᠮᠡᠨ ᠪᠣᠳᠣᠳᠠᠭ ᠪᠠᠢᠭᠰᠠᠨ
ᠪᠢ ᠲᠠᠩᠳᠠ ᠪᠠᠨ ᠲᠤᠭᠤᠯ ᠲᠠᠲᠠᠵᠤ
ᠡᠵᠢ ᠶ᠋ᠢᠨ ᠢ᠋ᠶ᠋ᠡᠨ ᠬᠠᠢᠷ᠎ᠠ ᠪᠠᠷ
ᠱᠠᠩᠨᠠᠭᠳᠠᠶᠠ ᠭᠡᠮᠡᠨ ᠪᠣᠳᠣᠳᠠᠭ ᠴᠤ᠌ ᠪᠠᠢᠭᠰᠠᠨ
ᠠᠢ ᠶᠠᠭᠠᠬᠢᠬᠤᠪ ᠬᠦᠭᠡᠷᠦᠬᠦᠢ
ᠡᠵᠢ ᠮᠢᠨᠢ ᠯᠡ ᠭᠡᠵᠦ
ᠡᠷᠪᠡᠢ ᠦᠷ᠎ᠡ ᠶ᠋ᠢᠨ ᠢ᠋ᠶ᠋ᠡᠨ ᠲᠥᠯᠥᠭᠡ
ᠡᠨᠡ ᠬᠣᠷᠸ᠎ᠠ ᠳ᠋ᠤ᠌ ᠢᠷᠡᠴᠢᠬᠡᠭᠡᠳ
ᠡᠪᠬᠡᠷᠡᠵᠦ ᠰᠢᠨᠠᠯᠵᠤ ᠭᠦᠢᠴᠡᠭᠡᠳ
ᠡᠷᠭᠢᠵᠦ ᠨᠢᠭᠡ ᠴᠦ᠍ ᠬᠠᠷᠠᠯ ᠦᠭᠡᠢ
ᠡᠭᠡᠯ ᠶᠡᠷᠦᠮᠳᠡᠭ ᠪᠤᠴᠠᠳᠠᠭ
ᠡᠩᠭᠡᠷ ᠴᠠᠭᠠᠨ ᠬᠠᠢᠷ᠎ᠠ ᠪᠠᠢᠵᠠᠢ
ᠡᠴᠢᠨ᠎ᠡ ᠳᠠᠯᠳᠠ ᠶ᠋ᠢᠨ ᠨᠢᠯᠪᠤᠰᠤ ᠪᠠᠢᠵᠠᠢ
※ ᠦᠮᠥᠰᠢᠵᠤ— ᠬᠠᠮᠵᠢᠵᠤ᠂ ᠬᠠᠪᠰᠣᠷᠴᠤ ᠭᠡᠰᠡᠨ ᠣᠷᠳᠤᠰ ᠬᠡᠯᠡᠯᠭᠡ᠃
ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ
ᠦᠰᠦᠭ ᠬᠠᠲᠠᠭᠴᠢ᠄ ᠥᠯᠵᠡᠢᠪᠠᠭᠠᠲᠤᠷ
ᠬᠢᠨᠠᠭᠴᠢ᠄ ᠣᠳᠬᠠᠨᠰᠣ᠎ᠠ
