ᠡᠷᠢᠶᠡᠨ ᠨᠠᠭᠤᠷ -ᠮᠥᠩᠭᠥᠨᠴᠡᠴᠡᠭМөнгөнцэцэг Эрээн нуур Möngöntsetseg Ereen nuur
ᠡᠷᠢᠶᠡᠨ ᠨᠠᠭᠤᠷ
ᠦᠭᠡ᠄ ᠪ· ᡀᠬᠠᠪᠢᠰᠦ᠋ᠷᠦᠭ
ᠠᠶ᠎ᠠ᠄ ᠲᠡᠷᠡᠪᠢᠰᠢ
ᠮᠥᠩᠭᠦᠨᠴᠡᠴᠡᠭ ᠳᠠᠭᠤᠯᠠᠨ᠎ᠠ
ᠴᠡᠯᠮᠡᠭ ᠲᠩᠷᠢ ᠥᠩᠭᠡ ᠪᠡᠷ ᠢ᠋ᠶ᠋ᠡᠨ ᠰᠦᠯᠡᠭᠡᠳ
ᠴᠡᠭᠡᠯ ᠦ᠋ᠨ ᠵᠢᠭᠠᠰᠤ ᠥᠷᠲᠡᠭᠡᠯᠡᠨ ᠨᠠᠭᠠᠳᠤᠭᠰᠠᠨ
ᠴᠡᠯᠡᠯᠵᠡᠬᠦ ᠮᠠᠨᠳᠠᠯ ᠨᠢ ᠮᠥᠩᠬᠡᠷᠡᠨ ᠪᠢᠲᠡᠷᠳᠤᠭᠡᠳ
ᠴᠠᠩ ᠤ᠋ᠨ ᠰᠦᠷᠦᠭ ᠬᠣᠷᠭᠣᠳᠠᠨ ᠴᠤᠭᠯᠠᠭᠰᠠᠨ
ᠠᠯᠳᠠᠷᠠᠨ ᠰᠢᠷᠭᠠᠯᠳᠠᠬᠤ ᠡᠯᠡᠰᠦ ᠨᠢ ᠵᠦᠮᠪᠦᠷᠯᠡᠭᠡᠳ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠠᠯᠲᠠᠨ ᠭᠣᠪᠢ ᠶ᠋ᠢᠨ ᠪᠤᠶᠠᠨ ᠢ ᠪᠢᠯᠬᠠᠭᠤᠯᠤᠭᠰᠠᠨ
ᠠᠮᠠᠰᠠᠷ ᠳᠦᠭᠦᠷᠡᠩ ᠵᠠᠪᠢᠶ᠎ᠠ ᠤᠤ ᠳᠠ ᠬᠦ
ᠰᠢᠪᠰᠢᠶ᠎ᠡ ᠰᠠᠯᠬᠢ ᠨᠢ ᠡᠯᠡᠰᠦ ᠬᠦᠯᠦᠭᠯᠡᠬᠡᠳ
ᠰᠡᠷᠪᠡᠭᠡᠲᠦ ᠮᠠᠩᠬᠠᠨ ᠤᠷᠠᠯᠠᠨ ᠥᠨᠳᠥᠷᠯᠡᠭᠰᠡᠨ
ᠴᠤᠯᠢᠭᠢᠷ ᠤ᠋ᠨ ᠰᠤᠭᠰᠤᠷᠭᠠ ᠰᠢᠭᠤᠢᠷᠠᠨ ᠨᠠᠢᠭᠤᠭᠠᠳ
ᠰᠡᠳᠬᠢᠯ ᠳ᠋ᠦ᠍ ᠴᠠᠮᠢᠨ ᠦᠵᠡᠮᠵᠢ ᠪᠡᠨ ᠭᠠᠢᠬᠠᠭᠤᠯᠤᠭᠰᠠᠨ
ᠠᠯᠳᠠᠷᠠᠨ ᠰᠢᠷᠭᠠᠯᠳᠠᠬᠤ ᠡᠯᠡᠰᠦ ᠨᠢ ᠵᠦᠮᠪᠦᠷᠯᠡᠭᠡᠳ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠲᠤᠨᠤᠮᠠᠯ ᠲᠩᠷᠢ ᠶ᠋ᠢ ᠲᠣᠯᠢᠳᠠᠨ ᠲᠠᠯᠮᠢᠶᠠᠷᠠᠭᠰᠠᠨ
ᠲᠤᠩᠭᠠᠯᠠᠭ ᠬᠠᠷᠠᠬᠠᠨ ᠮᠡᠯᠮᠡᠢ ᠤᠤ ᠳᠠ ᠬᠦ
ᠡᠷᠲᠡᠴᠢ ᠠᠳᠤᠭᠤᠴᠢᠨ ᠤᠷᠭ᠎ᠠ ᠪᠠᠨ ᠲᠠᠶᠠᠭᠯᠠᠭᠠᠳ
ᠡᠷᠳᠡᠨᠢᠲᠦ ᠰᠦᠷᠦᠭ ᠦ᠋ᠳ ᠤᠮᠳᠠᠯᠠᠨ ᠨᠠᠯᠠᠢᠭᠰᠠᠨ
ᠢᠳᠡᠷ ᠵᠠᠯᠠᠭᠤᠰ ᠤᠴᠠᠷᠠᠨ ᠵᠣᠯᠭᠠᠭᠠᠳ
ᠢᠨᠢᠶᠡᠳᠦ ᠪᠠᠶᠠᠰᠤᠯ ᠳ᠋ᠤ᠌ ᠤᠮᠪᠠᠨ ᠬᠥᠭᠵᠢᠯᠳᠦᠭᠰᠡᠨ
ᠠᠯᠳᠠᠷᠠᠨ ᠰᠢᠷᠭᠠᠯᠳᠠᠬᠤ ᠡᠯᠡᠰᠦ ᠨᠢ ᠵᠦᠮᠪᠦᠷᠯᠡᠭᠡᠳ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠠᠯᠲᠠᠨ ᠭᠣᠪᠢ ᠶ᠋ᠢᠨ ᠪᠤᠶᠠᠨ ᠢ᠋ ᠪᠢᠯᠬᠠᠭᠤᠯᠤᠭᠰᠠᠨ
ᠠᠮᠠᠰᠠᠷ ᠳᠦᠭᠦᠷᠡᠩ ᠵᠠᠪᠢᠶ᠎ᠠ ᠤᠤ ᠳᠠ ᠬᠦ
ᠠᠯᠳᠠᠷᠠᠨ ᠰᠢᠷᠭᠠᠯᠳᠠᠬᠤ ᠡᠯᠡᠰᠦ ᠨᠢ ᠵᠦᠮᠪᠦᠷᠯᠡᠭᠡᠳ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠮᠢᠨᠦ ᠨᠤᠲᠤᠭ ᠤ᠋ᠨ ᠰᠦᠯᠳᠡ ᠳ᠋ᠦ᠍ ᠡᠷᠭᠦᠭᠰᠡᠨ
ᠮᠡᠨᠳᠦ ᠶ᠋ᠢᠨ ᠴᠡᠩᠬᠡᠷ ᠬᠠᠳᠠᠭ ᠤᠤ ᠳᠠ ᠬᠦ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠠᠯᠲᠠᠨᠴᠢᠮᠡᠭ
