ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(6) Монгол хуурын үлгэрийн хэвшсэн хэллэг – Ренчиндорж᠂Хувьт найруулав - Өмнөх үг -6 ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(6) Монгол хуурын үлгэрийн хэвшсэн хэллэг – Ренчиндорж᠂Хувьт найруулав - Өмнөх үг -6

ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(6) Монгол хуурын үлгэрийн хэвшсэн хэллэг – Ренчиндорж᠂Хувьт найруулав - Өмнөх үг -6

2025-03-18

435

ᠡᠮᠦᠨᠡᠬᠢ ᠦᠭᠡ – ᠵᠢᠷᠭᠤᠭ᠎ᠠ


               ᠵᠢᠷᠭᠤᠭ᠎ᠠ   

       ᠬᠤᠭᠤᠷ ᠤ᠋ᠨ ᠦᠯᠢᠭᠡᠷ ᠦ᠋ᠨ ᠲᠣᠢᠮᠣ ᠪᠠᠢᠳᠠᠯ᠂ ᠣᠨᠴᠠᠯᠢᠭ᠂ ᠤᠷᠤᠰᠬᠠᠯ ᠪᠦᠯᠦᠭ ᠵᠢᠴᠢ ᠲᠡᠳᠡᠨᠡᠷ ᠤᠨ ᠬᠡᠪ ᠨᠠᠮᠪᠠ ᠬᠢᠭᠡᠳ ᠬᠡᠯᠡᠯᠭᠡ ᠶ᠋ᠢᠨ ᠪᠠᠢᠳᠠᠯ ᠢ᠋ ᠪᠢᠳᠡ ᠳᠡᠭᠡᠷ᠎ᠡ ᠨᠢᠭᠡᠨᠲᠡ ᠶᠠᠷᠢᠯ᠎ᠠ᠃ ᠡᠭᠦᠨ ᠦ᠌ ᠳᠣᠲᠣᠷ᠎ᠠ ᠠ᠋ᠴᠠ ᠲᠡᠭᠦᠨ ᠦ᠌ ᠬᠡᠯᠪᠡᠷᠢᠵᠢᠨ ᠬᠡᠪᠡᠰᠢᠭᠰᠡᠨ ᠠᠮᠢᠳᠤ ᠰᠣᠷᠭᠣᠭ ᠬᠡᠯᠡᠯᠭᠡ ᠶ᠋ᠢ ᠤᠯᠠᠮᠵᠢᠯᠠᠨ ᠵᠠᠯᠭᠠᠮᠵᠢᠯᠠᠵᠤ᠂ ᠰᠤᠷᠤᠯᠴᠠᠨ ᠬᠥᠭᠵᠢᠭᠦᠯᠬᠦ ᠶ᠋ᠢᠨ ᠲᠥᠯᠥᠭᠡ ᠪᠢᠳᠡ ᠡᠨᠡ ᠳᠡᠪᠲᠡᠷ ᠢ᠋ ᠡᠮᠬᠢᠯᠡᠨ ᠨᠠᠢᠷᠠᠭᠤᠯᠪᠠ᠃ ᠡᠨᠳᠡ ᠲᠣᠳᠣᠷᠬᠠᠢᠯᠠᠬᠤ ᠵᠦᠢᠯ ᠭᠡᠪᠡᠯ᠄ 
       ᠨᠢᠭᠡ ᠳ᠋ᠦ᠍᠂ ᠬᠤᠭᠤᠷᠴᠢ ᠨᠠᠷ ᠤ᠋ᠨ ᠬᠤᠪᠢ ᠬᠣᠪᠢᠨ ᠤ᠋ ᠬᠡᠪ ᠨᠠᠮᠪᠠ ᠶ᠋ᠢ ᠬᠠᠷᠠᠭᠠᠯᠵᠠᠵᠤ᠂ ᠤᠩᠰᠢᠨ ᠰᠣᠨᠢᠷᠬᠠᠭᠴᠢᠳ ᠤ᠋ᠨ ᠬᠠᠷᠢᠴᠠᠭᠤᠯᠤᠨ ᠰᠤᠳᠤᠯᠬᠤ ᠳ᠋ᠤ᠌ ᠳᠥᠭᠥᠮ ᠢ᠋ ᠪᠣᠳᠣᠵᠤ᠂ ᠬᠤᠭᠤᠷᠴᠢ ᠶ᠋ᠢᠨ ᠬᠡᠯᠪᠡᠷᠢᠵᠢᠨ ᠬᠡᠪᠰᠢᠭᠰᠡᠨ ᠬᠡᠯᠡᠯᠭᠡ ᠶ᠋ᠢ ᠠᠭᠤᠯᠭ᠎ᠠ ᠶ᠋ᠢᠨ ᠲᠥᠷᠥᠯ ᠵᠦᠢᠯ ᠢ᠋ᠶ᠋ᠡᠷ ᠨᠢ ᠬᠡᠰᠡᠭ ᠪᠦᠯᠦᠭ ᠬᠤᠪᠢᠶᠠᠨ ᠠᠩᠭᠢᠯᠠᠪᠠ᠃  
       ᠬᠣᠶᠠᠷ ᠲᠤ᠌᠂ ᠬᠡᠯᠡᠯᠭᠡ ᠶ᠋ᠢᠨ ᠤᠭ ᠳᠦᠷᠰᠦ ᠪᠠᠢᠳᠠᠯ ᠢ ᠬᠠᠳᠠᠭᠠᠯᠠᠵᠤ᠂ ᠠᠷᠠᠳ ᠤ᠋ᠨ ᠠᠮᠠᠨ ᠶᠠᠷᠢᠶᠠᠨ ᠤ᠋ ᠠᠮᠢᠳᠤ ᠰᠣᠷᠭᠣᠭ ᠦᠨᠦᠷ ᠠᠮᠲᠠ ᠶ᠋ᠢ ᠬᠠᠳᠠᠭᠠᠯᠠᠬᠤ ᠶ᠋ᠢᠨ ᠲᠥᠯᠥᠭᠡ ᠨᠠᠢᠷᠠᠭᠤᠯᠬᠤ ᠶ᠋ᠢᠨ ᠶᠠᠪᠤᠴᠠ ᠳ᠋ᠤ᠌ ᠳᠠᠪᠬᠤᠷᠳᠠᠭᠰᠠᠨ ᠪᠠᠳᠠᠭ ᠢ᠋ ᠴᠣᠮᠣᠳᠬᠠᠭᠰᠠᠨ ᠪᠥᠭᠡᠳ ᠵᠠᠷᠢᠮ ᠥᠭᠦᠯᠡᠪᠦᠷᠢ ᠶ᠋ᠢᠨ ᠯᠣᠭᠢᠭ ᠬᠠᠷᠢᠴᠠᠭ᠎ᠠ ᠳ᠋ᠤ᠌ ᠵᠣᠬᠢᠮᠵᠢ ᠦᠭᠡᠢ ᠲᠠᠯ᠎ᠠ ᠳ᠋ᠤ᠌ ᠵᠠᠰᠠᠯᠲᠠ ᠣᠷᠣᠭᠤᠯᠤᠭᠰᠠᠨ ᠠ᠋ᠴᠠ ᠭᠠᠳᠠᠨ᠎ᠠ ᠪᠤᠰᠤᠳ ᠵᠦᠢᠯ ᠢ᠋ ᠤᠭ ᠶᠠᠩᠵᠤ ᠪᠠᠷ ᠨᠢ ᠲᠠᠯᠪᠢᠪᠠ᠃ 
       ᠭᠤᠷᠪᠠ ᠳ᠋ᠤ᠌᠂ ᠠᠷᠠᠳ ᠤ᠋ᠨ ᠠᠮᠠᠨ ᠶᠠᠷᠢᠶᠠᠨ ᠤ᠋ ᠤᠭ ᠪᠠᠢᠳᠠᠯ ᠢ᠋ ᠬᠠᠳᠠᠭᠠᠯᠠᠬᠤ ᠶ᠋ᠢᠨ ᠲᠤᠰᠠ ᠳ᠋ᠤ᠌ ᠵᠠᠷᠢᠮ ᠣᠨᠴᠣᠭᠣᠢ ᠦᠭᠡᠰ ᠲᠦ᠍ ᠪᠢᠴᠢᠭ ᠤᠨ ᠬᠡᠯᠡᠨ ᠦ᠌ ᠮᠠᠶ᠋ᠢᠭ ᠢ᠋ᠶ᠋ᠠᠷ ᠵᠠᠰᠠᠯᠲᠠ ᠣᠷᠣᠭᠤᠯᠤᠭᠰᠠᠨ ᠦᠭᠡᠢ᠂ ᠤᠭ ᠬᠡᠪ ᠢ᠋ᠶ᠋ᠡᠷ ᠨᠢ ᠦᠯᠡᠳᠡᠭᠡᠪᠡ᠃  
       ᠳᠥᠷᠪᠡ ᠳ᠋ᠦ᠍᠂ ᠲᠤᠰ ᠪᠢᠴᠢᠭ ᠢ ᠨᠠᠢᠷᠠᠭᠤᠯᠬᠤ ᠶᠠᠪᠤᠴᠠ ᠳ᠋ᠤ᠌ ᠬᠤᠭᠤᠷᠴᠢ ᠨᠠᠷ ᠤ᠋ᠨ ᠬᠡᠯᠡᠭᠰᠡᠨ ᠬᠤᠭᠤᠷ ᠤ᠋ᠨ ᠦᠯᠢᠭᠡᠷ ᠤᠨ ᠳᠠᠭᠤᠨ ᠰᠢᠩᠭᠡᠭᠡᠯᠲᠡ ᠪᠡᠷ ᠭᠣᠣᠯ ᠮᠠᠲ᠋ᠧᠷᠢᠶᠠᠯ ᠪᠣᠯᠭᠠᠪᠠ᠃ ᠡᠭᠦᠨ ᠦ᠌ ᠬᠠᠮᠲᠤ ᠪᠠᠭ᠎ᠠ ᠪᠤᠰᠤ ᠨᠥᠬᠥᠳ ᠤᠨ ᠬᠠᠪᠰᠤᠷᠤᠯᠭ᠎ᠠ ᠳᠡᠮᠵᠢᠯᠭᠡ ᠶ᠋ᠢ ᠬᠦᠷᠲᠡᠪᠡ᠃ ᠡᠭᠦᠨ ᠳ᠋ᠦ᠍ ᠦᠨᠳᠦᠰᠦᠲᠡᠨ ᠦ᠌ ᠪᠠᠭᠰᠢ ᠶ᠋ᠢᠨ ᠳᠡᠭᠡᠳᠦ ᠰᠤᠷᠭᠠᠭᠤᠯᠢ ᠶ᠋ᠢᠨ ᠡ‍᠂ ᠪᠠᠳᠠᠷᠠᠬᠤ ᠨᠥᠬᠥᠷ ᠤᠨ ᠡᠮᠬᠢᠳᠬᠡᠭᠰᠡᠨ ᠵᠠᠷᠢᠮ ᠮᠠᠲ᠋ᠧᠷᠢᠶᠠᠯ ᠢ᠋ ᠬᠢᠨᠠᠯᠲᠠ ᠪᠣᠯᠭᠠᠪᠠ᠃ ᠠᠯᠳᠠᠷᠲᠤ ᠬᠤᠭᠤᠷᠴᠢ᠂ ᠴᠤᠢᠵᠢᠺᠡᠥᠨ ᠨᠥᠬᠥᠷ ᠥᠪᠡᠷ ᠤᠨ ᠬᠡᠷᠡᠭᠯᠡᠳᠡᠭ ᠬᠡᠯᠡᠯᠭᠡ ᠨᠥᠬᠥᠳ ᠢ᠋ᠶ᠋ᠡᠨ ᠪᠢᠴᠢᠵᠦ ᠢᠷᠡᠭᠦᠯᠦᠭᠰᠡᠨ ᠦ᠌ ᠶᠡᠬᠡᠩᠬᠢ ᠬᠡᠰᠡᠭ ᠡᠴᠡ ᠬᠡᠷᠡᠭᠯᠡᠪᠡ᠃ ᠪᠠᠢ ᠰᠦᠸᠧ ᠬᠤᠭᠤᠷᠴᠢ᠂ ᠭᠠᠨᠵᠤᠤᠷ ᠬᠤᠭᠤᠷᠴᠢ ᠥᠪᠡᠷ ᠤᠨ ᠬᠡᠷᠡᠭᠯᠡᠳᠡᠭ ᠵᠠᠷᠢᠮ ᠵᠦᠢᠯ ᠪᠠ ᠪᠠᠭᠰᠢ ᠶ᠋ᠢᠨ ᠢ᠋ᠶ᠋ᠡᠨ ᠬᠡᠷᠡᠭᠯᠡᠳᠡᠭ ᠵᠠᠷᠢᠮ ᠬᠡᠯᠡᠯᠭᠡ ᠶ᠋ᠢ ᠪᠢᠴᠢᠵᠦ ᠢᠷᠡᠭᠦᠯᠦᠭᠰᠡᠨ ᠢ᠋ ᠨᠡᠯᠢᠶᠡᠳ ᠬᠡᠷᠡᠭᠯᠡᠪᠡ᠃ ᠭᠣᠷᠯᠣᠰ ᠤ᠋ᠨ ᠠᠬᠠᠮᠠᠳ ᠬᠤᠭᠤᠷᠴᠢ ᠪᠠᠶᠠᠨᠰᠠᠩ ᠨᠠᠰᠤᠲᠠᠨ ᠤ᠋ ᠪᠢᠴᠢᠵᠦ ᠢᠷᠡᠭᠦᠯᠦᠭᠰᠡᠨ ᠵᠦᠢᠷ ᠰᠡᠴᠡᠨ ᠦᠭᠡ ᠡᠴᠡ ᠰᠣᠩᠭᠣᠨ ᠬᠡᠷᠡᠭᠯᠡᠪᠡ᠃ ᠡᠳᠡᠭᠡᠷ ᠨᠥᠬᠥᠳ ᠲᠦ᠍ ᠠᠳᠠ ᠪᠢᠳᠡ ᠴᠢᠩ ᠰᠡᠳᠬᠢᠯ ᠡᠴᠡ ᠲᠠᠯᠠᠷᠬᠠᠵᠤ ᠪᠠᠢᠬᠤ ᠪᠠᠨ ᠢᠯᠡᠳᠬᠡᠶ᠎ᠡ᠃  
       ᠲᠠᠪᠤ ᠳ᠋ᠤ᠌᠂ ᠲᠤᠰ ᠪᠢᠴᠢᠭ ᠢ ᠨᠠᠢᠷᠠᠭᠤᠯᠬᠤ ᠳ᠋ᠤ᠌ ᠪᠠᠰᠠ ᠡᠳᠦᠷ ᠲᠡᠳᠦᠢ ᠬᠤᠭᠤᠷᠴᠢ ᠶ᠋ᠢᠨ ᠰᠢᠯᠢᠳᠡᠭ ᠬᠡᠯᠡᠯᠭᠡ ᠣᠷᠣᠪᠠᠯ ᠵᠣᠬᠢᠬᠤ ᠶᠤᠮ᠂ ᠭᠡᠲᠡᠯ᠎ᠡ ᠴᠠᠭ ᠪᠠᠴᠢᠮ᠂ ᠴᠢᠳᠠᠯ ᠮᠡᠬᠦᠰᠳᠡᠭᠡᠳ ᠡᠮᠬᠢᠯᠡᠨ ᠨᠠᠢᠷᠠᠭᠤᠯᠵᠤ ᠵᠠᠪᠳᠤᠭᠰᠠᠨ ᠦᠭᠡᠢ᠃ ᠡᠭᠦᠨ ᠳ᠋ᠦ᠍ ᠭᠠᠭᠴᠠ ᠬᠣᠵᠢᠮ ᠤ᠋ᠨ ᠢᠷᠦᠭᠡᠯ ᠢ᠋ ᠲᠠᠯᠪᠢᠬᠤ ᠯᠠ ᠪᠣᠯᠤᠨ᠎ᠠ᠃ 
       ᠬᠠᠮᠤᠭ ᠤ᠋ᠨ ᠰᠡᠭᠦᠯ ᠳ᠋ᠦ᠍ ᠡᠨᠡ ᠪᠢᠴᠢᠭ ᠢ᠋ ᠬᠡᠪᠯᠡᠨ ᠨᠡᠢᠲᠡᠯᠡᠬᠦ ᠳ᠋ᠦ᠍ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠬᠡᠪᠯᠡᠯ ᠦ᠋ᠨ ᠬᠣᠷᠢᠶᠠᠨ ᠤ᠋ ᠨᠥᠬᠥᠳ ᠲᠦ᠍ ᠲᠠᠯᠠᠷᠬᠠᠯ ᠢ᠋ᠶ᠋ᠠᠨ ᠳᠡᠪᠰᠢᠭᠦᠯᠦᠶ᠎ᠡ᠃ 

                                        ᠷᠢᠨᠴᠢᠨᠳᠣᠷᠵᠢ ᠂ ᠬᠤᠪᠢᠲᠤ