1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠵᠦᠩ ᠊ᠤᠨ ᠮᠢᠨᠢ ᠨᠤᠲᠤᠭ -ᠡᠷᠳᠡᠨᠢᠴᠢᠮᠡᠭ Сайн жүнгийн минь нутаг-Эрдэнчимгээ

ᠰᠠᠢᠨ ᠵᠦᠩ ᠊ᠤᠨ ᠮᠢᠨᠢ ᠨᠤᠲᠤᠭ -ᠡᠷᠳᠡᠨᠢᠴᠢᠮᠡᠭ Сайн жүнгийн минь нутаг-Эрдэнчимгээ

ᠠᠩᠭᠢᠯᠠᠯ:ᠳᠠᠭᠤᠤ
2025-03-18

1480

ᠰᠠᠢᠨ ᠵᠦᠩ ᠊ᠤᠨ ᠮᠢᠨᠢ ᠨᠤᠲᠤᠭ

    ᠦᠭᠡ᠄ ᠰᠡᠴᠡᠨᠪᠠᠲᠤ 
    ᠠᠶ᠎ᠠ᠄ ᠰᠡᠴᠡᠨᠴᠣᠭᠲᠤ 
    ᠳᠠᠭᠤᠴᠢᠨ᠄ ᠡᠷᠳᠡᠨᠢᠴᠢᠮᠡᠭ 

ᠨᠣᠮᠢᠨ ᠮᠠᠨᠳᠠᠯ ᠲᠠᠢ ᠨᠤᠲᠤᠭ ᠤ᠋ᠨ ᠮᠢᠨᠢ  ᠥᠷᠥᠴᠡᠨ ᠳᠤᠨᠢ 
ᠨᠡᠭᠦᠳᠡᠯᠴᠢᠨ ᠰᠢᠪᠠᠭᠤᠳ ᠤ᠋ᠨ ᠴᠤᠪᠤᠭᠠᠨ ᠲᠠᠢ ᠪᠢᠯᠡ 
ᠨᠠᠷᠮᠠᠢ ᠠᠭᠤᠳᠠᠮᠬᠠᠨ ᠬᠣᠷᠸ᠎ᠠ ᠶ᠋ᠢᠨ ᠪᠠᠭᠤᠴᠠᠨ ᠳᠤᠨᠢ 
ᠨᠤᠲᠤᠭ ᠮᠢᠨᠢ ᠲᠠᠢᠪᠤᠭᠤᠬᠠᠨ ᠡᠩᠬᠦᠷᠡᠢᠬᠡᠨ ᠪᠢᠯᠡ 
  ᠠᠢ ᠬᠥ 
ᠰᠠᠨᠠᠵᠤ ᠪᠣᠳᠣᠬᠤ ᠶ᠋ᠢᠨ ᠬᠢᠵᠠᠭᠠᠷ ᠦᠭᠡᠢ 
ᠰᠠᠢᠨ ᠵᠦᠩ ᠦ᠋ᠨ ᠮᠢᠨᠢ ᠨᠤᠲᠤᠭ ᠪᠢᠯᠡ 
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ 
ᠰᠠᠯᠬᠤ ᠶ᠋ᠢᠨ ᠠᠷᠭ᠎ᠠ ᠦᠭᠡᠢ ᠣᠷᠣᠨ ᠪᠢᠯᠡ 

ᠠᠭᠤᠯᠠ ᠠᠭᠤᠯᠠ ᠶ᠋ᠢᠨ ᠮᠢᠨᠢ ᠨᠣᠶᠠᠨ ᠰᠠᠷᠢᠳᠠᠭ 
ᠡᠪᠦᠭᠡᠳ ᠦ᠋ᠨ ᠮᠢᠨᠢ ᠬᠡᠢᠮᠣᠷᠢ ᠶ᠋ᠢᠨ ᠳᠠᠷᠴᠤᠭ ᠲᠠᠢ ᠪᠢᠯᠡ 
ᠤᠰᠤ ᠤᠰᠤᠨ ᠤ᠋ ᠮᠢᠨᠢ ᠪᠣᠷᠭᠢᠯ ᠡᠬᠢᠨ ᠳ᠋ᠦ᠍
ᠡᠮᠡᠭᠡᠳ ᠦ᠋ᠨ ᠮᠢᠨᠢ ᠠᠷᠢᠭᠤᠨ ᠰᠠᠴᠤᠯᠢ ᠲᠠᠢ ᠪᠢᠯᠡ 
ᠠᠢ ᠬᠥ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ 
ᠰᠠᠯᠬᠤ ᠶ᠋ᠢᠨ ᠠᠷᠭ᠎ᠠ ᠦᠭᠡᠢ ᠣᠷᠣᠨ ᠪᠢᠯᠡ

ᠳᠤᠷᠳᠤᠩ ᠵᠡᠷᠭᠡᠯᠭᠡᠨ ᠲᠡᠢ ᠭᠣᠪᠢ ᠬᠠᠩᠭᠠᠢ ᠳ᠋ᠤ᠌ ᠮᠢᠨᠢ
ᠳᠠᠭᠤᠷᠢᠰᠤᠯ ᠠᠯᠳᠠᠷ ᠤ᠋ᠨ ᠮᠢᠨᠢ ᠰᠦᠯᠳᠡ ᠲᠡᠢ ᠪᠢᠯᠡ
ᠳᠠᠭᠤᠯᠠᠭᠠᠳ ᠲᠤᠤᠯᠢᠭᠠᠳ ᠪᠠᠷᠠᠰᠢ ᠦᠭᠡᠢ
ᠳᠤᠯᠠᠭᠠᠬᠠᠨ ᠥᠯᠥᠭᠡᠢ ᠨᠤᠲᠤᠭ ᠶᠤᠮ ᠪᠢᠯᠡ
  ᠠᠢ ᠬᠥ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ
ᠰᠠᠯᠬᠤ ᠶ᠋ᠢᠨ ᠠᠷᠭ᠎ᠠ ᠦᠭᠡᠢ ᠣᠷᠣᠨ ᠪᠢᠯᠡ
  ᠠᠢ ᠬᠥ
ᠰᠠᠨᠠᠵᠤ ᠪᠣᠳᠣᠬᠤ ᠶ᠋ᠢᠨ ᠬᠢᠵᠠᠭᠠᠷ ᠦᠭᠡᠢ
ᠰᠠᠢᠨ ᠵᠦᠩ ᠦ᠋ᠨ ᠮᠢᠨᠢ ᠨᠤᠲᠤᠭ ᠪᠢᠯᠡ
ᠰᠠᠨᠠᠭ᠎ᠠ ᠵᠠᠶᠠᠭᠠᠨ ᠤ᠋ ᠲᠠᠪᠢᠯᠠᠩ ᠠ᠋ᠴᠠ ᠮᠢᠨᠢ
ᠰᠠᠯᠬᠤ ᠶ᠋ᠢᠨ ᠠᠷᠭ᠎ᠠ ᠦᠭᠡᠢ ᠣᠷᠣᠨ ᠪᠢᠯᠡ
  ᠣᠷᠣᠨ ᠪᠢᠯᠡ!

 ᠦᠰᠦᠭ ᠠᠮᠢᠯᠠᠭᠤᠯᠤᠭᠴᠢ᠄ ᠣᠳᠬᠠᠨᠰᠣ᠎ᠠ
 ᠦᠰᠦᠭ ᠬᠠᠲᠠᠭᠴᠢ᠄ ᠣᠶᠤᠨᠳᠠᠯᠠᠢ
 ᠬᠢᠨᠠᠭᠴᠢ᠄ ᠣᠳᠬᠠᠨᠰᠣ᠎ᠠ