1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠲᠠᠢ ᠪᠠᠨ ᠬᠠᠮᠲᠤ ᠦᠰᠦᠯ᠎ᠡ ᠪᠢ - ᠬᠥᠭᠵᠢᠯ Нутагтайгаа хамт үслээ би-Хөгжил

ᠨᠤᠲᠤᠭ ᠲᠠᠢ ᠪᠠᠨ ᠬᠠᠮᠲᠤ ᠦᠰᠦᠯ᠎ᠡ ᠪᠢ - ᠬᠥᠭᠵᠢᠯ Нутагтайгаа хамт үслээ би-Хөгжил

ᠠᠩᠭᠢᠯᠠᠯ:ᠳᠠᠭᠤᠤ
2025-03-18

1135

ᠨᠤᠲᠤᠭ ᠲᠠᠢ ᠪᠠᠨ ᠬᠠᠮᠲᠤ ᠦᠰᠦᠯ᠎ᠡ ᠪᠢ

   ᠦᠭᠡ᠄ ᠬᠥᠭᠵᠢᠯ 
   ᠠᠶ᠎ᠠ᠄ ᠬᠥᠭᠵᠢᠯ᠂ ᠣ᠂ ᠪᠦᠷᠭᠦᠳ 
   ᠳᠠᠭᠤᠴᠢᠨ᠄ ᠬᠥᠭᠵᠢᠯ 

ᠲᠣᠷᠭᠠᠨ ᠨᠣᠭᠣᠭᠠᠨ ᠪᠡᠯᠴᠢᠭᠡᠷ ᠳᠡᠭᠡᠷ᠎ᠡ ᠲᠣᠭᠯᠠᠵᠤ ᠥᠰᠦᠭᠰᠡᠨ ᠪᠢ 
ᠲᠣᠭᠣᠨᠣ ᠲᠠᠢ ᠭᠡᠷ ᠦ᠋ᠨ ᠨᠠᠷᠠᠨ ᠳᠣᠣᠷ᠎ᠠ ᠵᠢᠷᠭᠠᠵᠤ ᠲᠣᠷᠨᠢᠭᠰᠠᠨ ᠪᠢ 
ᠰᠣᠷᠭᠣᠭ ᠰᠠᠢᠬᠠᠨ ᠡᠪᠡᠰᠦ ᠲᠡᠢ ᠪᠡᠨ ᠴᠣᠭ ᠰᠤᠭᠤᠷᠠᠵᠤ ᠥᠰᠦᠭᠰᠡᠨ ᠪᠢ 
ᠤᠤᠭᠠᠨ ᠬᠠᠢᠷᠠᠲᠠᠢ ᠨᠤᠲᠤᠭ ᠲᠠᠢ ᠪᠠᠨ ᠬᠠᠮᠲᠤ ᠢᠨᠢᠶᠡᠵᠦ ᠪᠣᠢᠵᠢᠭᠰᠠᠨ ᠪᠢ 
ᠠᠢ ᠬᠥ᠋᠂ ᠬᠥᠭᠡᠷᠦᠬᠦᠢ 
ᠨᠤᠲᠤᠭ ᠲᠠᠢ ᠪᠠᠨ ᠬᠠᠮᠲᠤ ᠦᠰᠦᠯ᠎ᠡ ᠪᠢ 
ᠠᠢ ᠳᠠ ᠬᠥ᠋᠂ ᠬᠥᠭᠡᠷᠦᠬᠦᠢ 
ᠨᠤᠲᠤᠭ ᠲᠠᠢ ᠪᠠᠨ ᠬᠠᠮᠲᠤ ᠦᠰᠦᠯ᠎ᠡ ᠪᠢ 

ᠰᠢᠷᠭᠠᠯ ᠨᠠᠮᠤᠷ ᠤ᠋ᠨ ᠨᠠᠪᠴᠢᠰ ᠳᠡᠭᠡᠷ᠎ᠡ ᠥᠰᠦᠭᠰᠡᠨ ᠪᠢ
ᠰᠢᠷᠭ᠎ᠠ ᠬᠡᠭᠡᠷ ᠮᠣᠷᠢᠨ ᠤ᠋ ᠨᠢᠷᠤᠭᠤᠨ ᠳ᠋ᠤ᠌ ᠥᠯᠥᠭᠡᠢᠳᠡᠭᠳᠡᠵᠦ ᠪᠣᠢᠵᠢᠭᠰᠠᠨ ᠪᠢ
ᠪᠣᠷᠴᠠ ᠮᠢᠬᠠᠨ ᠤ᠋ ᠰᠢᠮ᠎ᠡ ᠶ᠋ᠢ ᠬᠦᠷᠲᠡᠵᠦ ᠰᠢᠷᠪᠥᠰᠥ ᠴᠢᠩᠭᠠᠯᠠᠭᠰᠠᠨ ᠪᠢ
ᠪᠣᠷᠣ ᠬᠠᠯᠢᠭᠤᠨ ᠬᠠᠯᠠᠭᠤᠳ ᠲᠠᠢ ᠪᠠᠨ ᠴᠣᠭ ᠭᠦᠶᠦᠯᠳᠦᠵᠦ ᠨᠠᠭᠠᠳᠤᠭᠰᠠᠨ ᠪᠢ
ᠠᠢ  ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ
ᠠᠢ ᠳᠠ ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ

ᠲᠠᠯ᠎ᠠ ᠶ᠋ᠢᠨ ᠰᠣᠷᠭᠣᠭ ᠴᠡᠴᠡᠭᠡᠰ ᠳᠡᠭᠡᠷ᠎ᠡ ᠳᠠᠩᠬᠠᠢᠵᠤ ᠥᠰᠦᠭᠰᠡᠨ ᠪᠢ
ᠳᠠᠭᠠᠨ᠎ᠠ ᠵᠡᠭᠡᠷᠭᠡᠨ᠎ᠡ ᠶ᠋ᠢᠨ ᠦᠨᠦᠷ ᠢ᠋ ᠲᠠᠭᠤᠵᠤ ᠨᠠᠭᠠᠳᠤᠭᠰᠠᠨ ᠪᠢ
ᠲᠠᠢᠪᠤᠩ ᠠᠮᠢᠳᠤᠷᠠᠯ ᠤ᠋ᠨ ᠲᠩᠷᠢ ᠳ᠋ᠦ᠍ ᠡᠷᠬᠡᠯᠡᠵᠦ ᠳᠡᠭᠦᠯᠢᠭᠰᠡᠨ ᠪᠢ
ᠲᠠᠷᠠᠭ ᠠᠢᠷᠠᠭ ᠤ᠋ᠨ ᠠᠮᠲᠠᠨ ᠳ᠋ᠤ᠌ ᠲᠡᠨᠢᠢᠵᠦ ᠥᠰᠦᠭᠰᠡᠨ ᠪᠢ
ᠠᠢ ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ
ᠠᠢ ᠳᠠ   ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ
ᠠᠢ  ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ
ᠠᠢ ᠳᠠ  ᠬᠥ᠋᠂ ᠬᠥᠭᠡᠷᠦᠬᠦᠢ
ᠨᠤᠲᠤᠭ ᠲᠠᠢ ᠪᠠᠨ ᠬᠠᠮᠲᠤ ᠦᠰᠦᠯ᠎ᠡ ᠪᠢ
ᠨᠤᠲᠤᠭ ᠲᠠᠢ ᠪᠠᠨ ᠬᠠᠮᠲᠤ ᠦᠰᠦᠯ᠎ᠡ ᠪᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠣᠳᠬᠠᠨᠰᠣ᠎ᠠ