ᠢᠮᠠᠭᠠᠨ ᠵᠠᠩᠭᠤᠤЯмаан зангууYamaan zanguu
ᠢᠮᠠᠭᠠᠨ ᠵᠠᠩᠭᠤᠤ
ᠲᠤᠰ ᠡᠮ ᠪᠣᠯ ᠢᠮᠠᠭᠠᠨ ᠵᠠᠩᠭᠤᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠢᠮᠠᠭᠠᠨ ᠵᠠᠩᠭᠤᠤ ᠶ᠋ᠢᠨ ᠬᠠᠲᠠᠭᠠᠭᠰᠠᠨ ᠪᠤᠯᠪᠠᠰᠤᠷᠠᠮᠠᠯ ᠵᠢᠮᠢᠰ ᠮᠥᠨ᠃ ᠪᠠᠰᠠ ᠰᠧᠮ᠎ᠠ᠂ ᠰᠧᠷᠮᠠᠷᠠᠭᠤ ᠭᠡᠳᠡᠭ᠃
[ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃ ᠪᠦᠬᠦ ᠪᠡᠶ᠎ᠡ ᠳᠤᠨᠢ ᠨᠢᠭ ᠴᠠᠢᠪᠤᠷ ᠴᠠᠭᠠᠨ ᠵᠥᠭᠡᠯᠡᠨ ᠦᠰᠦ ᠲᠡᠢ᠃ ᠡᠰᠢ ᠨᠢ ᠬᠡᠪᠲᠡᠭᠡ᠂ ᠤᠵᠠᠭᠤᠷ ᠠ᠋ᠴᠠ ᠪᠠᠨ ᠣᠯᠠᠨ ᠰᠠᠯᠠᠭᠠᠯᠠᠨ᠎ᠠ᠃30—60cm ᠤᠷᠲᠤ᠂ ᠭᠠᠳᠠᠷ ᠨᠢ ᠭᠤᠯᠳᠤ ᠠᠷᠲᠠᠢ᠃ ᠲᠡᠭᠰᠢ ᠥᠳᠥᠯᠢᠭ ᠨᠡᠢᠯᠡᠮᠡᠯ ᠨᠠᠪᠴᠢ ᠨᠢ ᠴᠢᠭᠲᠠᠯᠠᠨ ᠤᠷᠭᠤᠨ᠎ᠠ᠂ ᠨᠠᠪᠴᠢ ᠨᠢ ᠪᠠᠷᠢᠭᠤᠯ ᠲᠠᠢ ᠪᠠᠨ2.5~6cm ᠤᠷᠲᠤ᠃ ᠲᠣᠰᠬᠣᠭᠤᠷ ᠨᠠᠪᠴᠢ ᠨᠢ ᠴᠢᠭᠲᠠᠯᠠᠨ ᠮᠥᠩᠬᠡ ᠣᠷᠣᠰᠢᠨ᠎ᠠ᠂ ᠥᠨᠳᠡᠭᠡᠯᠵᠢᠨ ᠡᠴᠡ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠃ ᠵᠢᠵᠢᠭ ᠨᠠᠪᠴᠢ ᠨᠢ5~7 ᠬᠣᠣᠰ᠂ ᠣᠬᠣᠷ ᠪᠠᠷᠢᠭᠤᠯ ᠲᠠᠢ ᠪᠤᠶᠤ ᠪᠠᠷᠤᠭ ᠪᠠᠷᠢᠭᠤᠯ ᠦᠭᠡᠢ᠂ ᠵᠢᠵᠢᠭ ᠨᠠᠪᠴᠢ ᠨᠢ ᠤᠷᠲᠤᠯᠵᠢᠨ ᠵᠤᠤᠪᠠᠩ ᠬᠡᠯᠪᠡᠷᠢ ᠲᠡᠢ᠂5~16mm ᠤᠷᠲᠤ᠂2~6mm ᠥᠷᠭᠡᠨ᠂ ᠣᠬᠣᠷ ᠱᠣᠪᠬᠣ ᠪᠤᠶᠤ ᠱᠣᠪᠣᠭᠣᠷ ᠦᠵᠦᠭᠦᠷ ᠲᠡᠢ᠂ ᠶᠡᠷᠦ ᠳ᠋ᠡᠭᠡᠨ ᠬᠠᠵᠠᠭᠠᠢ ᠵᠢᠰᠢᠭᠦᠯᠵᠢᠨ ᠤᠭ ᠲᠠᠢ᠂ ᠨᠠᠪᠴᠢᠨ ᠤ᠋ ᠥᠪᠥᠷ ᠲᠠᠯ᠎ᠠ ᠶ᠋ᠢᠨ ᠬᠢᠨᠢ ᠭᠣᠣᠯ ᠰᠤᠳᠠᠯ ᠪᠣᠯᠤᠨ ᠬᠥᠪᠡᠭᠡ ᠪᠡᠷ ᠨᠢ ᠲᠠᠷᠠᠮᠠᠭ ᠨᠠᠷᠢᠨ ᠵᠥᠭᠡᠯᠡᠨ ᠦᠰᠦ ᠲᠡᠢ᠂ ᠠᠷᠤ ᠲᠠᠯ᠎ᠠ ᠶ᠋ᠢᠨ ᠬᠢᠨᠢ ᠦᠰᠦ ᠨᠢ ᠨᠡᠯᠢᠶᠡᠳ ᠨᠢᠭ᠃ ᠴᠡᠴᠡᠭ ᠨᠢ ᠨᠠᠪᠴᠢᠨ ᠤ᠋ ᠥᠪᠥᠷ ᠲᠦ ᠭᠠᠭᠴᠠᠭᠠᠷ ᠳᠡᠯᠭᠡᠷᠡᠨ᠎ᠡ᠂ ᠳ᠋ᠢᠶᠠᠮᠧᠲ᠋ᠷ ᠨᠢ8~20mm᠂ ᠴᠡᠴᠡᠭ ᠦ᠋ᠨ ᠲᠣᠭᠳᠣᠢ ᠨᠢ5᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠰᠠᠷᠢᠰᠤᠯᠢᠭ ᠮᠥᠷᠲᠡᠭᠡᠨ ᠲᠤᠩᠭᠠᠯᠠᠭ ᠬᠥᠪᠡᠭᠡ ᠲᠡᠢ᠂ ᠴᠡᠴᠡᠭ ᠦ᠋ᠨ ᠳᠡᠯᠪᠢ ᠨᠢ 5᠂ ᠰᠢᠷ᠎ᠠ ᠥᠩᠭᠡ ᠲᠡᠢ᠂ ᠲᠣᠩᠭᠣᠷᠤᠤ ᠥᠷᠭᠡᠨ ᠥᠨᠳᠡᠭᠡᠯᠵᠢᠨ ᠬᠡᠯᠪᠡᠷᠢ ᠲᠡᠢ᠃ ᠴᠡᠴᠡᠭ ᠦ᠋ᠨ ᠰᠠᠭᠤᠳᠠᠯ ᠨᠢ ᠴᠠᠭᠠᠷᠢᠭ ᠬᠡᠯᠪᠡᠷᠢ ᠲᠡᠢ᠃ ᠡᠷ᠎ᠡ ᠲᠣᠭᠣᠷᠴᠣᠭ ᠨᠢ10᠂ ᠴᠡᠴᠡᠭ ᠦ᠋ᠨ ᠰᠠᠭᠤᠳᠠᠯ ᠤ᠋ᠨ ᠤᠭ ᠤ᠋ᠨ ᠬᠡᠰᠡᠭ ᠲᠦ ᠪᠠᠢᠷᠢᠯᠠᠨ᠎ᠠ᠃ ᠡᠭᠦᠨ ᠦ᠌ ᠳᠣᠲᠣᠷ᠎ᠠ5 ᠨᠢ ᠨᠡᠯᠢᠶᠡᠳ ᠤᠷᠲᠤ ᠮᠥᠷᠲᠡᠭᠡᠨ ᠴᠡᠴᠡᠭ ᠦ᠋ᠨ ᠬᠡᠯᠲᠡᠰ ᠲᠡᠢ ᠪᠡᠨ ᠴᠢᠭᠲᠠᠯᠠᠨ ᠪᠠᠢᠷᠢᠯᠠᠨ᠎ᠠ᠃ ᠤᠭ ᠤ᠋ᠨ ᠬᠡᠰᠡᠭ ᠦ᠋ᠨ ᠭᠠᠳᠠᠷ ᠲᠠᠯ᠎ᠠ ᠳᠤᠨᠢ ᠪᠦᠷ1 ᠵᠢᠵᠢᠭ ᠪᠤᠯᠴᠢᠷᠬᠠᠢ ᠲᠠᠢ᠂ ᠲᠣᠭᠣᠰᠣᠪᠴᠢ ᠨᠢ ᠵᠤᠤᠪᠠᠩ ᠬᠡᠯᠪᠡᠷᠢ ᠲᠡᠢ᠂ ᠳᠣᠬᠢᠭᠤᠷ ᠨᠢ ᠰᠢᠷᠬᠡᠭᠯᠢᠭ᠃ ᠤᠮᠠᠢ ᠨᠢ ᠳᠡᠭᠡᠳᠦ ᠣᠷᠣᠨ ᠲᠠᠢ᠂ ᠥᠨᠳᠡᠭᠡᠯᠵᠢᠨ ᠬᠡᠯᠪᠡᠷᠢ ᠲᠡᠢ᠂ ᠶᠡᠷᠦ ᠳ᠋ᠡᠭᠡᠨ5 ᠲᠠᠰᠤᠭ ᠲᠠᠢ᠃ ᠴᠡᠴᠡᠭ ᠦ᠋ᠨ ᠪᠠᠭᠠᠨ᠎ᠠ ᠨᠢ ᠪᠣᠭᠣᠨᠢ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠪᠠᠭᠠᠨ᠎ᠠ ᠶ᠋ᠢᠨ ᠠᠮᠠᠰᠠᠷ ᠨᠢ5᠂ ᠪᠦᠰᠡᠯᠢᠭ᠃ ᠵᠢᠮᠢᠰ ᠨᠢ ᠲᠠᠪᠤᠯᠵᠢᠨ ᠬᠡᠯᠪᠡᠷᠢ ᠲᠡᠢ᠂ ᠳ᠋ᠢᠶᠠᠮᠧᠲ᠋ᠷ ᠨᠢ1cm ᠣᠷᠴᠢᠮ᠂5 ᠵᠢᠮᠢᠰ ᠦ᠋ᠨ ᠬᠡᠯᠲᠡᠰ ᠢ᠋ᠶ᠋ᠡᠷ ᠪᠦᠷᠢᠯᠳᠦᠵᠦ ᠪᠣᠯᠪᠠᠰᠤᠷᠠᠪᠠᠯ ᠰᠠᠯᠤᠨ᠎ᠠ᠃ ᠵᠢᠮᠢᠰ ᠦ᠋ᠨ ᠬᠡᠯᠲᠡᠰ ᠪᠦᠷᠢ ᠨᠢ ᠰᠦᠬᠡ ᠬᠡᠯᠪᠡᠷᠢ ᠲᠡᠢ᠂ ᠬᠣᠶᠠᠷ ᠦᠵᠦᠭᠦᠷ ᠲᠤᠨᠢ ᠪᠦᠷ ᠬᠠᠲᠠᠭᠤ ᠱᠣᠪᠣᠭᠣᠷ ᠥᠷᠭᠡᠰᠦ ᠨᠢᠭᠡ ᠬᠣᠣᠰ ᠪᠣᠢ᠂ ᠦᠵᠦᠭᠦᠷ ᠨᠢ ᠭᠦᠳᠦᠭᠦᠷ᠂ ᠰᠠᠯᠤᠩᠬᠢ ᠵᠢᠮᠢᠰ ᠪᠦᠷᠢ ᠳᠤᠨᠢ2~3 ᠦᠷ᠎ᠡ ᠲᠡᠢ᠃5~7 ᠳ᠋ᠤᠭᠠᠷ ᠰᠠᠷ᠎ᠠ ᠳ᠋ᠤ᠌ ᠴᠡᠴᠡᠭᠯᠡᠵᠦ᠂7~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠡᠯᠡᠰᠦᠨ ᠳᠣᠪᠣ᠂ ᠵᠠᠮ ᠤ᠋ᠨ ᠬᠠᠵᠠᠭᠤ ᠳ᠋ᠤ᠌ ᠤᠷᠭᠤᠨ᠎ᠠ᠃ ᠪᠦᠬᠦ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ᠂ ᠵᠢᠮᠢᠰ ᠨᠢ ᠪᠣᠯᠪᠠᠰᠤᠷᠠᠭᠰᠠᠨ ᠦᠶ᠎ᠡ ᠳ᠋ᠦ᠍ ᠬᠠᠳᠤᠵᠤ᠂ ᠬᠠᠲᠠᠭᠠᠭᠰᠠᠨ ᠤ᠋ ᠰᠡᠭᠦᠯᠡᠷ ᠵᠢᠮᠢᠰ ᠢ᠋ ᠨᠢ ᠭᠦᠪᠢᠵᠦ ᠠᠪᠤᠭᠠᠳ ᠠᠷᠢᠯᠭᠠᠨ ᠴᠡᠪᠡᠷᠯᠡᠨ᠎ᠡ᠃
[ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠂ ᠪᠦᠯᠢᠶᠡᠨ ᠴᠢᠨᠠᠷ ᠲᠠᠢ᠂ ᠬᠥᠩᠭᠡᠨ᠂ ᠬᠤᠷᠴᠠ᠂ ᠰᠢᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠦ᠌ ᠬᠦᠢᠲᠡᠨ ᠢ᠋ ᠠᠷᠢᠯᠭᠠᠬᠤ᠂ ᠬᠡᠢ ᠶ᠋ᠢ ᠳᠠᠷᠤᠬᠤ᠂ ᠰᠢᠭᠡᠯᠭᠡᠬᠦ᠂ ᠬᠠᠪᠤᠩ ᠢ᠋ ᠠᠷᠢᠯᠭᠠᠬᠤ᠂ ᠬᠦᠴᠦᠵᠢᠭᠦᠯᠬᠦ ᠴᠢᠳᠠᠯ ᠲᠠᠢ᠃ ᠭᠣᠣᠯᠳᠠᠭᠤ ᠬᠠᠪᠤᠩ ᠡᠪᠡᠳᠴᠢᠨ᠂ ᠰᠢᠭᠡᠰᠦ ᠬᠣᠷᠢᠭᠳᠠᠭᠰᠠᠨ᠂ ᠰᠢᠭᠡᠰᠦ ᠴᠢᠪᠳᠠᠭᠰᠢᠬᠤ᠂ ᠪᠥᠭᠡᠷᠡᠨ ᠦ᠌ ᠬᠦᠢᠲᠡᠨ ᠬᠡᠢ᠂ ᠳᠤᠰᠤᠯ ᠴᠤᠪᠤᠷᠠᠬᠤ᠂ ᠡᠷ᠎ᠡ ᠪᠡᠯᠭᠡ ᠰᠤᠯᠠᠷᠠᠭᠰᠠᠨ᠂ ᠲᠠᠮᠢᠷ ᠳᠣᠷᠣᠢᠲᠠᠭᠰᠠᠨ᠂ ᠬᠡᠷᠦᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄蒺藜
ᠠᠩᠭ᠌ᠯᠢ ᠨᠡᠷ᠎ᠡ᠄ TribuLus terretris L.
ᠦᠰᠦᠭ ᠠᠮᠢᠯᠠᠭᠤᠯᠤᠭᠴᠢ᠄ ᠲᠣᠣᠬᠣᠸᠠᠷ
ᠬᠢᠨᠠᠭᠴᠢ᠄ ᠣᠶᠤᠨᠴᠢᠮᠡᠭ ᠲᠤᠶᠠᠭ᠎ᠠ