ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(5) Монгол хуурын үлгэрийн хэвшсэн хэллэг – Ренчиндорж᠂Хувьт найруулав - Өмнөх үг -5 ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(5) Монгол хуурын үлгэрийн хэвшсэн хэллэг – Ренчиндорж᠂Хувьт найруулав - Өмнөх үг -5

ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(5) Монгол хуурын үлгэрийн хэвшсэн хэллэг – Ренчиндорж᠂Хувьт найруулав - Өмнөх үг -5

2025-03-17

297

ᠡᠮᠦᠨᠡᠬᠢ ᠦᠭᠡ – ᠲᠠᠪᠤ

         
              ᠲᠠᠪᠤ    

      ᠬᠤᠭᠤᠷ ᠤ᠋ᠨ ᠦᠯᠢᠭᠡᠷ ᠪᠣᠯ ᠮᠠᠨ ᠤ᠋ ᠤᠷᠠᠯᠢᠭ ᠤ᠋ᠨ ᠴᠡᠴᠡᠭ ᠦ᠋ᠨ ᠬᠦᠷᠢᠶᠡᠯᠡᠩ ᠳ᠋ᠡᠬᠢ ᠨᠢᠭᠡ ᠪᠤᠲᠠ ᠰᠣᠷᠭᠣᠭ ᠴᠡᠴᠡᠭ ᠪᠣᠯᠤᠨ᠎ᠠ ᠭᠡᠵᠦ ᠪᠢᠳᠡ ᠳᠡᠭᠡᠷ᠎ᠡ ᠳᠤᠷᠠᠳᠤᠭᠰᠠᠨ ᠪᠠᠢᠳᠠᠭ᠃ ᠪᠢᠳᠡ ᠥᠨᠥ ᠶᠠᠭ ᠨᠡᠢᠭᠡᠮ ᠵᠢᠷᠤᠮ ᠤ᠋ᠨ ᠣᠶᠤᠨ ᠰᠠᠨᠠᠭᠠᠨ ᠤ᠋ ᠪᠣᠯᠪᠠᠰᠤᠨ ᠢ᠋ ᠪᠦᠲᠦᠭᠡᠨ ᠪᠠᠢᠭᠤᠯᠬᠤ ᠪᠠᠷ ᠮᠡᠷᠡᠢᠨ ᠴᠢᠷᠮᠠᠢᠵᠤ᠂ ᠴᠡᠴᠡᠭ ᠪᠦᠬᠦᠨ ᠢ᠋ ᠵᠡᠷᠭᠡᠪᠡᠷ ᠳᠡᠯᠭᠡᠷᠡᠭᠦᠯᠬᠦ ᠴᠢᠭᠯᠡᠯᠲᠡ ᠶ᠋ᠢ ᠤᠯᠠᠮ ᠭᠦᠨᠵᠡᠭᠡᠢ᠂ ᠲᠤᠤᠱᠯᠠᠭᠤᠯᠵᠤ ᠪᠠᠢᠨ᠎ᠠ᠃ ᠡᠢᠮᠦ ᠡᠴᠡ ᠬᠤᠭᠤᠷ ᠤ᠋ᠨ ᠦᠯᠢᠭᠡᠷ ᠤᠨ ᠡᠨᠡ ᠨᠢᠭᠡ ᠪᠤᠲᠠ ᠰᠣᠷᠭᠣᠭ ᠴᠡᠴᠡᠭ ᠢ᠋ ᠪᠢᠳᠡ ᠨᠡᠩ ᠠᠵᠢᠯᠰᠠᠭ ᠢ᠋ᠶ᠋ᠠᠷ ᠤᠮᠳᠠᠯᠠᠵᠤ᠂ ᠤᠯᠠᠮ ᠴᠢᠨᠠᠭᠰᠢᠳᠠ ᠬᠥᠭᠵᠢᠭᠦᠯᠵᠦ᠂ ᠲᠡᠭᠦᠨ ᠢ᠋ ᠤᠷᠠᠯᠢᠭ ᠤ᠋ᠨ ᠪᠠᠰᠠ ᠨᠢᠭᠡ ᠳᠠᠪᠬᠤᠷ ᠠᠰᠠᠷ ᠲᠤ᠌ ᠠᠪᠠᠷᠢᠭᠤᠯᠬᠤ ᠴᠢᠬᠤᠯᠠ ᠲᠠᠢ ᠶᠤᠮ᠃ 
       ᠮᠠᠨ ᠤ᠋ ᠳᠡᠭᠡᠷ᠎ᠡ ᠶᠠᠷᠢᠭᠰᠠᠨ ᠰᠢᠭ᠋ ᠢ᠋ᠶ᠋ᠡᠷ ᠬᠤᠭᠤᠷ ᠤᠨ ᠦᠯᠢᠭᠡᠷ ᠤᠷᠲᠤ ᠤᠳᠠᠭᠠᠨ ᠲᠡᠦᠬᠡᠨ ᠬᠥᠭᠵᠢᠯ ᠤᠨ ᠶᠠᠪᠤᠴᠠ ᠳ᠋ᠠᠭᠠᠨ ᠥᠪᠡᠷ ᠦᠨ ᠥᠪᠡᠷᠮᠢᠴᠡ ᠤᠷᠠᠯᠢᠭ ᠢ᠋ᠶ᠋ᠠᠨ ᠪᠦᠷᠢᠯᠳᠦᠭᠦᠯᠵᠦ ᠥᠪᠡᠷ ᠤᠨ ᠥᠪᠡᠷᠮᠢᠴᠡ ᠬᠡᠯᠪᠡᠷᠢ ᠪᠡᠨ ᠲᠥᠯᠥᠪᠵᠢᠭᠦᠯᠦᠭᠰᠡᠨ ᠪᠠᠢᠳᠠᠭ᠃ ᠢᠯᠠᠩᠭᠤᠶ᠎ᠠ ᠲᠡᠭᠦᠨ ᠦ᠌ ᠢᠯᠡᠳᠬᠡᠬᠦ ᠠᠷᠭ᠎ᠠ ᠪᠠᠷᠢᠯ ᠪᠣᠯᠤᠨ ᠢᠯᠡᠳᠬᠡᠬᠦ ᠴᠢᠳᠠᠪᠤᠷᠢ ᠨᠢ ᠪᠤᠰᠤᠳ ᠬᠡᠯᠪᠡᠷᠢ ᠶ᠋ᠢᠨ ᠤᠷᠠᠯᠢᠭ ᠤ᠋ᠨ ᠬᠡᠯᠪᠡᠷᠢ ᠪᠡᠷ ᠣᠷᠣᠯᠠᠭᠤᠯᠵᠤ ᠪᠣᠯᠣᠰᠢ ᠦᠭᠡᠢ ᠲᠠᠯ᠎ᠠ ᠪᠠᠢᠳᠠᠭ᠃ ᠲᠡᠭᠦᠨ ᠦ᠌ ᠬᠡᠯᠪᠡᠷᠢᠵᠢᠨ ᠬᠡᠪᠰᠢᠭᠰᠡᠨ ᠬᠡᠯᠡᠯᠭᠡ ᠨᠦ᠍ᠭᠦᠳ ᠨᠢ ᠬᠥᠮᠦᠰ ᠲᠦ᠍ ᠲᠤᠢᠯ ᠤ᠋ᠨ ᠰᠢᠨ᠎ᠡ ᠰᠣᠷᠭᠣᠭ ᠠᠮᠢᠳᠤ ᠳᠦᠷᠰᠦᠯᠢᠭ ᠰᠠᠭᠤᠭᠳᠠᠯ ᠢ᠋ ᠥᠭᠴᠦ ᠬᠥᠮᠦᠰ ᠦ᠋ᠨ ᠤᠷᠮ᠎ᠠ ᠪᠠᠬ᠎ᠠ ᠶ᠋ᠢ ᠴᠢᠩᠭ᠎ᠠ ᠲᠠᠲᠠᠳᠠᠭ᠃ ᠡᠳᠡᠭᠡᠷ ᠵᠦᠢᠯ ᠢ᠋ ᠪᠢᠳᠡ ᠵᠠᠯᠭᠠᠮᠵᠢᠯᠠᠨ ᠬᠥᠭᠵᠢᠭᠦᠯᠬᠦ ᠴᠢᠬᠤᠯᠠ ᠲᠠᠢ ᠶᠤᠮ᠃ ᠡᠨᠡ ᠨᠢ ᠬᠤᠭᠤᠷ ᠤ᠋ᠨ ᠦᠯᠢᠭᠡᠷ ᠦ᠋ᠨ ᠲᠤᠰ ᠪᠡᠶ᠎ᠡ ᠶᠢᠨ ᠬᠢᠨᠢ ᠱᠠᠭᠠᠷᠳᠠᠯᠭ᠎ᠠ ᠠ᠋ᠴᠠ ᠪᠣᠯᠤᠭᠰᠠᠨ ᠪᠥᠭᠡᠳ ᠪᠠᠰᠠ ᠪᠤᠰᠤᠳ ᠤᠷᠠᠯᠢᠭ ᠤ᠋ᠨ ᠬᠡᠷᠡᠭᠴᠡᠭᠡᠨ ᠡᠴᠡ ᠪᠣᠯᠤᠭᠰᠠᠨ ᠶᠤᠮ᠃  
        ᠬᠤᠭᠤᠷ ᠤ᠋ᠨ ᠦᠯᠢᠭᠡᠷ ᠣᠨ ᠳᠣᠰ ᠪᠡᠶ᠎ᠡ ᠡᠴᠡ ᠨᠢ ᠦᠵᠡᠪᠡᠯ᠂ ᠬᠤᠭᠤᠷ ᠤᠨ ᠦᠯᠢᠭᠡᠷ ᠪᠣᠯ ᠤᠳᠬ᠎ᠠ ᠤᠷᠠᠯᠢᠭ ᠤ᠋ᠨ ᠨᠢᠭᠡ ᠵᠦᠢᠯ ᠤᠨ ᠬᠡᠯᠪᠡᠷᠢ ᠪᠣᠯᠤᠨ᠎ᠠ᠃ ᠠᠭᠤᠯᠭ᠎ᠠ ᠶ᠋ᠢᠨ ᠬᠤᠪᠢᠷᠠᠯᠲᠠ ᠲᠦᠷᠭᠡᠨ ᠪᠥᠭᠡᠲᠡᠯ᠎ᠡ ᠬᠡᠯᠪᠡᠷᠢ ᠶ᠋ᠢᠨ ᠬᠥᠭᠵᠢᠯᠲᠡ ᠬᠠᠷᠢᠴᠠᠩᠭᠤᠢ ᠪᠠᠷ ᠲᠣᠭᠲᠠᠭᠤᠨ ᠪᠠᠢᠳᠠᠭ᠃ ᠥᠨᠥᠳᠥᠷ ᠮᠠᠨ ᠤ᠋ ᠠᠮᠢᠳᠤᠷᠠᠯ ᠤ᠋ᠨ ᠠᠭᠤᠯᠭ᠎ᠠ ᠯᠤᠲᠤ ᠶᠡᠬᠡ ᠬᠤᠪᠢᠷᠠᠯᠲᠠ ᠭᠠᠷᠴᠤ ᠪᠠᠢᠨ᠎ᠠ᠂ ᠡᠭᠦᠨ ᠢ᠋ ᠯᠦ᠍ ᠰᠢᠶᠦ᠋ᠨ ᠦ᠌ ᠬᠡᠯᠡᠳᠡᠭ ᠢ᠋ᠶ᠋ᠡᠷ《ᠬᠠᠭᠤᠴᠢᠨ ᠯᠣᠩᠬᠣᠨ ᠳ᠋ᠤ᠌ ᠰᠢᠨ᠎ᠡ ᠠᠷᠢᠬᠢ ᠬᠢᠵᠦ》ᠪᠣᠯᠳᠠᠭ᠃ ᠠᠭᠤᠯᠭ᠎ᠠ ᠶ᠋ᠢᠨ ᠬᠤᠪᠢᠷᠠᠯᠲᠠ ᠶ᠋ᠢ ᠳᠠᠭᠠᠯᠳᠤᠨ ᠬᠤᠭᠤᠷ ᠤ᠋ᠨ ᠦᠯᠢᠭᠡᠷ ᠤᠨ ᠡᠨᠡᠬᠦ ᠬᠡᠯᠪᠡᠷᠢ ᠴᠦ᠍ ᠢᠳᠡᠭ ᠢᠳᠡᠭ ᠢ᠋ᠶ᠋ᠡᠷ ᠬᠤᠪᠢᠰᠤᠨ ᠬᠥᠭᠵᠢᠬᠦ ᠪᠣᠯᠤᠨ᠎ᠠ᠃ ᠲᠡᠢᠮᠦ ᠡᠴᠡ ᠮᠠᠨ ᠤ᠋ ᠡᠮᠦᠨ᠎ᠡ ᠬᠤᠭᠤᠷ ᠤ᠋ᠨ ᠦᠯᠢᠭᠡᠷ ᠤᠨ ᠢᠳᠡᠪᠬᠢᠲᠡᠢ ᠳᠠᠪᠠᠭᠤᠯᠢᠭ ᠲᠠᠯ᠎ᠠ ᠶ᠋ᠢ ᠵᠠᠯᠭᠠᠮᠵᠢᠯᠠᠨ ᠬᠥᠭᠵᠢᠭᠦᠯᠬᠦ ᠠᠰᠠᠭᠤᠳᠠᠯ ᠲᠤᠯᠭᠠᠷᠠᠵᠤ ᠪᠠᠢᠳᠠᠭ᠃  
       ᠨᠥᠭᠦᠭᠡ ᠲᠠᠯ᠎ᠠ ᠪᠠᠷ᠂ ᠤᠳᠬ᠎ᠠ ᠤᠷᠠᠯᠢᠭ ᠪᠦᠬᠦᠨ ᠴᠥᠮ ᠨᠢᠭᠡ ᠨᠡᠢᠲᠡᠯᠢᠭ ᠴᠢᠨᠠᠷ ᠲᠠᠢ ᠪᠥᠭᠡᠳ ᠬᠠᠷᠢᠯᠴᠠᠨ ᠬᠠᠷᠢᠴᠠᠭ᠎ᠠ ᠬᠣᠯᠪᠣᠭ᠎ᠠ ᠲᠠᠢ ᠶᠤᠮ᠃ ᠨᠠᠯᠢ ᠨᠢᠭᠡ ᠬᠡᠯᠪᠡᠷᠢ ᠶ᠋ᠢᠨ ᠤᠳᠬ᠎ᠠ ᠤᠷᠠᠯᠢᠭ ᠴᠤ᠌ ᠭᠡᠰᠡᠨ ᠴᠥᠮ ᠪᠤᠰᠤᠳ ᠬᠡᠯᠪᠡᠷᠢ ᠶ᠋ᠢᠨ ᠤᠳᠬ᠎ᠠ ᠤᠷᠠᠯᠢᠭ ᠲᠤ᠌ ᠨᠠᠪᠰᠢᠨ᠂ ᠨᠥᠯᠥᠭᠡ ᠦᠵᠡᠭᠦᠯᠵᠦ ᠪᠣᠯᠳᠠᠭ ᠪᠥᠭᠡᠳ ᠪᠠᠰᠠ ᠪᠤᠰᠤᠳ ᠬᠡᠯᠪᠡᠷᠢ ᠶ᠋ᠢᠨ ᠤᠳᠬ᠎ᠠ ᠤᠷᠠᠯᠢᠭ ᠠ᠋ᠴᠠ ᠨᠥᠯᠥᠭᠡ ᠣᠯᠵᠤ ᠪᠣᠯᠳᠠᠭ ᠶᠤᠮ᠃ ᠡᠨᠡ ᠲᠠᠯ᠎ᠠ ᠠ᠋ᠴᠠ ᠦᠵᠡᠪᠡᠯ ᠬᠤᠭᠤᠷ ᠤ᠋ᠨ ᠦᠯᠢᠭᠡᠷ ᠤᠨ ᠢᠳᠡᠪᠬᠢᠲᠡᠢ ᠠᠮᠵᠢᠯᠲᠠ ᠲᠠᠢ ᠲᠠᠯ᠎ᠠ ᠨᠢ ᠪᠤᠰᠤᠳ ᠤᠳᠬ᠎ᠠ ᠤᠷᠠᠯᠢᠭ ᠲᠤ᠌ ᠮᠥᠨ ᠰᠢᠮ᠎ᠡ ᠲᠡᠵᠢᠭᠡᠯ ᠬᠦᠷᠲᠡᠭᠡᠵᠦ ᠪᠣᠯᠳᠠᠭ᠃ ᠢᠯᠠᠩᠭᠤᠶ᠎ᠠ ᠲᠡᠭᠦᠨ ᠦ᠌ ᠵᠠᠷᠢᠮ ᠢᠯᠡᠳᠬᠡᠬᠦ ᠠᠷᠭ᠎ᠠ ᠠᠪᠴᠢᠯ ᠪᠠ ᠬᠤᠷᠴᠠ ᠰᠣᠷᠭᠣᠭ ᠬᠡᠯᠡ ᠨᠢ ᠪᠢᠴᠢᠭ ᠤᠨ ᠵᠣᠬᠢᠶᠠᠯ ᠳ᠋ᠤ᠌ ᠢᠳᠡᠪᠬᠢᠲᠡᠢ ᠨᠥᠯᠥᠭᠡ ᠦᠵᠡᠭᠦᠯᠵᠦ ᠪᠣᠯᠳᠠᠭ᠃ ᠡᠭᠦᠨ ᠢ᠋ ᠪᠢᠳᠡ ᠵᠠᠯᠭᠠᠮᠵᠢᠯᠠᠨ ᠬᠥᠭᠵᠢᠭᠦᠯᠬᠦ ᠴᠢᠬᠤᠯᠠᠲᠠᠢ᠃  
      ᠬᠤᠭᠤᠷ ᠤ᠋ᠨ ᠦᠯᠢᠭᠡᠷ ᠤᠨ ᠬᠡᠯᠡ ᠬᠡᠯᠡᠯᠭᠡ ᠶ᠋ᠢᠨ ᠲᠠᠯ᠎ᠠ ᠪᠠᠷ ᠪᠢᠳᠡ ᠳᠡᠭᠡᠷ᠎ᠡ ᠨᠢᠭᠡᠨᠲᠡ ᠳᠤᠷᠠᠳᠴᠤ ᠥᠩᠭᠡᠷᠡᠪᠡ ᠃ ᠡᠨᠳᠡ ᠲᠣᠳᠣᠷᠬᠠᠢᠯᠠᠬᠤ ᠨᠢᠭᠡ ᠵᠦᠢᠯ ᠭᠡᠪᠡᠯ᠂ ᠬᠤᠭᠤᠷ ᠤᠨ ᠦᠯᠢᠭᠡᠷ ᠲᠦ᠍ ᠬᠤᠪᠢ ᠪᠡᠶ᠎ᠡ ᠶ᠋ᠢᠨ ᠬᠢᠨᠢ᠂ ᠬᠤᠷᠴᠠ ᠰᠣᠷᠭᠣᠭ ᠠᠮᠢᠲᠤ ᠳᠦᠷᠰᠦᠯᠢᠭ ᠬᠡᠯᠡ ᠡᠴᠡ ᠭᠠᠳᠠᠨ᠎ᠠ ᠬᠢᠲᠠᠳ ᠵᠢᠭᠡᠯᠡᠭᠡ ᠦᠭᠡ ᠨᠡᠯᠢᠶᠡᠳ ᠣᠷᠣᠵᠤ ᠪᠠᠢᠨ᠎ᠠ᠃ ᠮᠠᠨ ᠤ᠋ ᠦᠵᠡᠬᠦ ᠪᠡᠷ᠂ ᠵᠢᠭᠡᠯᠡᠭᠡ ᠦᠭᠡ ᠣᠯᠠᠨ ᠣᠷᠣᠵᠤ ᠪᠠᠢᠬᠤ ᠶᠠᠪᠤᠳᠠᠯ ᠨᠢ ᠶᠠᠭᠤᠨ ᠤ᠋ ᠡᠮᠦᠨ᠎ᠡ ᠨᠢᠭᠡ ᠬᠡᠯᠡᠨ ᠦ᠌ ᠦᠵᠡᠭᠳᠡᠯ ᠪᠣᠯᠤᠨ᠎ᠠ᠃ ᠬᠡᠯᠡ ᠪᠦᠬᠦᠨ ᠬᠥᠭᠵᠢᠯ ᠤᠨ ᠶᠠᠪᠤᠴᠠ ᠳ᠋ᠠᠭᠠᠨ ᠪᠤᠰᠤᠳ ᠬᠡᠯᠡᠨ ᠡᠴᠡ ᠦᠭᠡ ᠵᠢᠭᠡᠯᠡᠬᠦ ᠦᠵᠡᠭᠳᠡᠯ ᠭᠠᠷᠳᠠᠭ᠂ ᠡᠭᠦᠨ ᠢ᠋ ᠵᠠᠭᠤᠨ ᠤ᠋ ᠵᠠᠭᠤ ᠪᠠᠷ ᠴᠡᠪᠡᠷ ᠬᠡᠯᠡ ᠪᠣᠯᠭᠠᠨ᠎ᠠ ᠭᠡᠵᠦ ᠱᠠᠭᠠᠷᠳᠠᠮᠠᠷ ᠪᠣᠯᠤᠯᠴᠠᠭ᠎ᠠ ᠦᠭᠡᠢ᠃ ᠨᠥᠭᠦᠭᠡ ᠲᠠᠯ᠎ᠠ ᠪᠠᠷ ᠬᠤᠭᠤᠷ ᠤ᠋ᠨ ᠦᠯᠢᠭᠡᠷ ᠪᠣᠯ ᠬᠦᠦᠷᠨᠢᠯ ᠲᠣᠭᠠᠴᠢᠯ ᠠ᠋ᠴᠠ ᠪᠤᠰᠤᠳ ᠨᠢ ᠴᠥᠮ ᠠᠶᠠᠯᠭᠤ ᠬᠥᠭ ᠳᠡᠭᠡᠷ᠎ᠡ ᠬᠠᠪᠰᠤᠷᠭᠠᠭᠰᠠᠨ ᠬᠡᠯᠡᠯᠭᠡ ᠨᠥᠬᠥᠳ ᠪᠣᠯᠤᠨ᠎ᠠ᠂ ᠬᠤᠭᠤᠷᠴᠢ ᠨᠠᠷ ᠬᠤᠭᠤᠷ ᠤ᠋ᠨ ᠬᠥᠭ ᠠᠶᠠᠯᠭᠤᠨ ᠤ᠋ ᠠᠢᠵᠠᠮ ᠴᠣᠬᠢᠯᠭ᠎ᠠ ᠳ᠋ᠠᠭᠠᠨ ᠲᠣᠬᠢᠷᠠᠭᠤᠯᠬᠤ ᠶ᠋ᠢᠨ ᠲᠥᠯᠥᠭᠡ ᠵᠠᠷᠢᠮ ᠦᠭᠡ ᠨᠥᠬᠥᠳ ᠢ᠋ ᠬᠢᠲᠠᠳ ᠮᠣᠩᠭᠣᠯ ᠢ᠋ᠶ᠋ᠠᠷ ᠬᠣᠯᠢᠯᠳᠤᠭᠤᠯᠤᠨ ᠬᠡᠯᠡᠳᠡᠭ᠃ ᠢᠩᠭᠢᠵᠦ ᠬᠡᠯᠡᠬᠦ ᠪᠡᠨ ᠲᠡᠳᠡ ᠪᠠᠰᠠ ᠦᠯᠢᠭᠡᠷ ᠲᠡᠭᠡᠨ ᠰᠣᠨᠢᠨ ᠰᠡᠪᠡᠭᠦᠨ ᠦᠨᠦᠷ ᠠᠮᠲᠠ ᠣᠷᠣᠭᠤᠯᠵᠤ ᠪᠠᠢᠬᠤ ᠪᠠᠷ ᠦᠵᠡᠳᠡᠭ᠃ ᠵᠢᠱ᠌ᠢᠶᠡᠯᠡᠪᠡᠯ : 《ᠠᠰ ᠲᠤᠯᠤᠭᠠᠳ ᠠᠪᠴᠤ/ ᠮᠡᠩ ᠨᠢᠦ ᠳ᠋ᠢᠩ ᠵᠢᠶᠠ (ᠪᠤᠬ᠎ᠠ ᠮᠥᠷᠭᠥᠯᠳᠦᠭᠰᠡᠨ ᠠᠳᠠᠯᠢ) ᠠᠷᠤ ᠪᠠᠷ ᠢ᠋ᠶ᠋ᠠᠨ ᠤᠷᠪᠠᠵᠤ/ ᠶᠣᠣ ᠽᠢ ᠹᠠᠨ ᠱᠧᠨ( ᠬᠢᠷᠭᠤᠢ ᠬᠥᠷᠪᠡᠭᠰᠡᠨ ᠮᠡᠲᠦ )》ᠭᠡᠬᠦ ᠮᠡᠲᠦ ᠪᠡᠷ ᠬᠡᠯᠡᠵᠦ ᠠᠢᠵᠠᠮ ᠳ᠋ᠠᠭᠠᠨ ᠲᠣᠬᠢᠷᠠᠭᠤᠯᠬᠤ ᠶ᠋ᠢᠨ ᠬᠠᠮᠲᠤ ᠪᠠᠢᠯᠳᠤᠭᠠᠨ ᠤ᠋ ᠰᠦᠷ ᠵᠢᠪᠬᠤᠭ᠎ᠠ ᠲᠠᠢ ᠠᠭᠤᠷ ᠠᠮᠢᠰᠬᠤᠯ ᠢ᠋ ᠨᠡᠮᠡᠭᠳᠡᠭᠦᠯᠳᠡᠭ᠃ ᠡᠭᠦᠨ ᠡᠴᠡ ᠭᠠᠳᠠᠨ᠎ᠠ ᠬᠢᠲᠠᠳ ᠦᠭᠡ ᠣᠷᠣᠵᠤ ᠪᠠᠢᠭ᠎ᠠ᠃ ᠪᠠᠰᠠ ᠨᠢᠭᠡ ᠰᠢᠯᠲᠠᠭᠠᠨ ᠨᠢ ᠭᠡᠪᠡᠯ ᠮᠠᠲ᠋ᠧᠷᠢᠶᠠᠯ ᠤ᠋ᠨ ᠢᠷᠡᠯᠲᠡ ᠲᠡᠢ ᠬᠣᠯᠪᠣᠭ᠎ᠠ ᠲᠠᠢ᠃ ᠵᠡᠭᠦᠨ ᠣᠷᠣᠨ ᠬᠤᠭᠤᠷ ᠤ᠋ᠨ ᠦᠯᠢᠭᠡᠷ ᠦ᠋ᠨ  ᠮᠠᠲ᠋ᠧᠷᠢᠶᠠᠯ ᠤ᠋ᠨ ᠢᠷᠡᠯᠲᠡ ᠶ᠋ᠢᠨ ᠣᠯᠠᠩᠬᠢ ᠨᠢ ᠬᠢᠲᠠᠳ ᠦᠯᠢᠭᠡᠷ ᠪᠤᠶᠤ᠂ ᠬᠢᠲᠠᠳ ᠦᠯᠢᠭᠡᠷ ᠤᠨ ᠣᠷᠴᠢᠭᠤᠯᠬ᠎ᠠ ᠠ᠋ᠴᠠ ᠢᠷᠡᠭᠰᠡᠨ ᠲᠤᠯᠠ ᠣᠷᠴᠢᠭᠤᠯᠭ᠎ᠠ ᠶ᠋ᠢᠨ ᠬᠡᠯᠡᠨ ᠳ᠋ᠦ᠍ ᠣᠷᠣᠭᠰᠠᠨ ᠬᠡᠲᠡᠳ ᠦᠭᠡᠰ ᠢ᠋ ᠲᠡᠷᠡ ᠬᠡᠪ ᠢ᠋ᠶ᠋ᠡᠷ ᠨᠢ ᠬᠡᠷᠡᠭᠯᠡᠭᠡᠳ ᠬᠢᠲᠠᠳ ᠦᠭᠡᠰ ᠤᠨ ᠪᠦᠷᠢᠯᠳᠦᠬᠦᠨ ᠣᠯᠠᠰᠢᠷᠠᠭᠰᠠᠨ ᠪᠠᠢᠳᠠᠯ ᠴᠤ᠌ ᠪᠣᠢ᠃  
       ᠲᠡᠭᠡᠪᠡᠯ ᠡᠨᠡ ᠠᠰᠠᠭᠤᠳᠠᠯ ᠳ᠋ᠤ᠌ ᠪᠢᠳᠡ ᠶᠠᠭᠠᠬᠢᠵᠤ ᠬᠠᠨᠳᠤᠨ᠎ᠠ ᠭᠡᠪᠡᠯ᠂ ᠪᠢᠳᠡ ᠠᠯᠢᠪᠠ ᠤᠯᠠᠮᠵᠢᠯᠠᠯᠲᠤ ᠤᠷᠠᠯᠢᠭ ᠲᠤ᠌ ᠬᠠᠨᠳᠤᠬᠤ ᠲᠠᠢ ᠠᠳᠠᠯᠢ ᠪᠠᠷ ᠰᠠᠢᠨ ᠢ᠋ ᠨᠢ ᠠᠪᠤᠭᠠᠳ ᠰᠢᠭᠠᠷᠤ ᠶ᠋ᠢ ᠨᠢ ᠬᠠᠶᠠᠪᠠᠯ ᠵᠣᠬᠢᠨ᠎ᠠ᠃ ᠮᠥᠨ ᠲᠡᠭᠦᠨᠴᠢᠯᠡᠨ ᠢᠳᠡᠪᠬᠢᠲᠡᠢ ᠠᠷᠭ᠎ᠠ ᠬᠡᠮᠵᠢᠶ᠎ᠡ ᠠᠪᠴᠤ ᠬᠤᠭᠤᠷᠴᠢ ᠨᠠᠷ ᠤ᠋ᠨ ᠬᠢᠷᠢ ᠬᠡᠮᠵᠢᠶ᠎ᠡ ᠶ᠋ᠢ ᠳᠡᠭᠡᠭᠰᠢᠯᠡᠭᠦᠯᠵᠦ᠂ ᠥᠪᠡᠷ  ᠤᠨ ᠲᠥᠷᠥᠯᠬᠢ ᠬᠡᠯᠡ ᠪᠡᠷ ᠢ᠋ᠶ᠋ᠡᠨ ᠢᠯᠡᠳᠬᠡᠵᠦ ᠴᠢᠳᠠᠬᠤ ᠵᠦᠢᠯ ᠢ᠋ ᠴᠢᠳᠠᠪᠠᠯ ᠲᠥᠷᠥᠯᠬᠢ ᠬᠡᠯᠡ ᠪᠡᠷ ᠢ᠋ᠶ᠋ᠡᠨ ᠢᠯᠡᠳᠬᠡᠵᠦ᠂ ᠬᠤᠭᠤᠷ ᠤ᠋ᠨ ᠦᠯᠢᠭᠡᠷ ᠤᠨ ᠬᠡᠯᠡᠯᠭᠡ ᠶ᠋ᠢᠨ ᠴᠢᠨᠠᠷ ᠴᠢᠨᠰᠠᠭ᠎ᠠ ᠶ᠋ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠴᠢᠬᠤᠯᠠ ᠲᠠᠢ ᠪᠠᠢᠨ᠎ᠠ᠃