ᠬᠠᠢᠷ᠎ᠠ ᠮᠢᠨᠢ ᠴᠢ ᠮᠢᠨᠢ -ᠤᠷᠢᠬᠠᠨХайр минь чи минь-Урьхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠮᠢᠨᠢ ᠴᠢ ᠮᠢᠨᠢ -ᠤᠷᠢᠬᠠᠨХайр минь чи минь-Урьхан

ᠬᠠᠢᠷ᠎ᠠ ᠮᠢᠨᠢ ᠴᠢ ᠮᠢᠨᠢ -ᠤᠷᠢᠬᠠᠨХайр минь чи минь-Урьхан

ᠠᠩᠭᠢᠯᠠᠯ:ᠳᠠᠭᠤᠤ ᠬᠥᠭᠵᠢᠮ
2025-03-17

462

ᠬᠠᠢᠷ᠎ᠠ ᠮᠢᠨᠢ ᠴᠢ ᠮᠢᠨᠢ

  ᠦᠭᠡ᠄ ᠥᠯᠵᠡᠢᠮᠥ᠋ᠷᠡᠨ 
  ᠠᠶ᠎ᠠ᠄ ᠰᠢᠨᠡᠪᠠᠶᠠᠷ 
  ᠳᠠᠭᠤᠴᠢᠨ᠄ ᠤᠷᠢᠬᠠᠨ 

ᠪᠣᠳᠣᠯ ᠳ᠋ᠤ᠌ ᠪᠠᠨ ᠴᠢᠮ᠎ᠠ ᠶ᠋ᠢ ᠪᠣᠷᠣᠭ᠎ᠠ ᠮᠡᠲᠦ ᠰᠠᠨᠠᠭᠰᠠᠨ 
ᠪᠤᠴᠠᠬᠤ ᠰᠢᠪᠠᠭᠤᠳ ᠲᠠᠢ ᠠᠶᠠᠯᠭᠤ ᠨᠡᠢᠯᠡᠭᠦᠯᠦᠭᠰᠡᠨ 
ᠪᠤᠴᠠᠯᠲᠠ ᠦᠭᠡᠢ ᠬᠠᠢᠷ᠎ᠠ ᠪᠠᠨ ᠴᠢᠮ᠎ᠠ ᠳ᠋ᠤ᠌ ᠪᠠᠨ ᠵᠣᠷᠢᠭᠤᠯᠤᠭᠰᠠᠭᠠᠷ 
ᠵᠢᠷᠦᠬᠡ ᠰᠡᠳᠬᠢᠯ ᠮᠢᠨᠢ ᠳᠡᠩᠳᠡᠭᠦᠦ ᠳᠠᠰᠤᠭᠰᠠᠨ 

ᠴᠢ ᠮᠢᠨᠢ ᠬᠡᠵᠢᠶ᠎ᠡ ᠴᠦ᠍ ᠡᠢᠮᠦ ᠯᠡ ᠡᠩᠬᠦᠷᠡᠢ ᠢᠯᠳᠠᠮᠬᠠᠨ 
ᠬᠠᠢᠷ᠎ᠠ ᠮᠢᠨᠢ ᠬᠡᠵᠢᠶ᠎ᠡ ᠴᠦ᠍ ᠡᠢᠮᠦ ᠯᠡ ᠦᠨᠡᠨ ᠪᠠᠢᠭᠠᠰᠠᠢ 

ᠴᠢᠨᠦᠬᠢ ᠪᠡᠨ ᠳᠦᠷᠢ ᠶ᠋ᠢ ᠵᠢᠷᠦᠬᠡᠨ ᠳ᠋ᠦ᠍ ᠪᠡᠨ ᠰᠡᠢᠯᠦᠭᠰᠡᠨ
ᠴᠢᠮ᠎ᠠ ᠲᠠᠢ ᠪᠠᠨ ᠦᠷᠭᠦᠯᠵᠢ ᠮᠥᠷᠥᠭᠡᠳᠦᠯ ᠬᠡᠯᠬᠢᠭᠰᠡᠨ
ᠴᠠᠭᠯᠠᠰᠢ ᠦᠭᠡᠢ ᠬᠠᠢᠷ᠎ᠠ ᠪᠠᠨ ᠴᠢᠮ᠎ᠠ ᠳ᠋ᠤ᠌ ᠪᠠᠨ ᠵᠣᠷᠢᠭᠤᠯᠤᠭᠰᠠᠨ
ᠴᠢᠨᠳᠠᠮᠤᠨᠢ ᠮᠡᠲᠦ ᠪᠡᠷ ᠬᠠᠢᠷᠠᠯᠠᠨ ᠳᠤᠷᠠᠯᠠᠭᠰᠠᠭᠠᠷ

ᠴᠢ ᠮᠢᠨᠢ ᠬᠡᠵᠢᠶ᠎ᠡ ᠴᠦ᠍ ᠡᠩᠬᠦᠷᠡᠢ ᠢᠯᠳᠠᠮᠬᠠᠨ
ᠬᠠᠢᠷ᠎ᠠ ᠮᠢᠨᠢ ᠬᠡᠵᠢᠶ᠎ᠡ ᠴᠦ᠍ ᠡᠢᠮᠦ ᠯᠡ ᠦᠨᠡᠨ ᠪᠠᠢᠭᠠᠰᠠᠢ
ᠴᠢ ᠮᠢᠨᠢ ᠬᠡᠵᠢᠶ᠎ᠡ ᠴᠦ᠍ ᠡᠩᠬᠦᠷᠡᠢ ᠢᠯᠳᠠᠮᠬᠠᠨ
ᠬᠠᠢᠷ᠎ᠠ ᠮᠢᠨᠢ ᠬᠡᠵᠢᠶ᠎ᠡ ᠴᠦ᠍ ᠡᠢᠮᠦ ᠯᠡ ᠦᠨᠡᠨ ᠪᠠᠢᠭᠠᠰᠠᠢ
ᠴᠢ ᠮᠢᠨᠢ ᠬᠡᠵᠢᠶ᠎ᠡ ᠴᠦ᠍ ᠡᠩᠬᠦᠷᠡᠢ ᠢᠯᠳᠠᠮᠬᠠᠨ
ᠬᠠᠢᠷ᠎ᠠ ᠮᠢᠨᠢ ᠬᠡᠵᠢᠶ᠎ᠡ ᠴᠦ᠍ ᠡᠢᠮᠦ ᠯᠡ ᠦᠨᠡᠨ ᠪᠠᠢᠭᠠᠰᠠᠢ
ᠪᠣᠳᠣᠯ ᠳ᠋ᠤ᠌ ᠪᠠᠨ ᠴᠢᠮ᠎ᠠ ᠶ᠋ᠢ ᠪᠣᠷᠣᠭ᠎ᠠ ᠮᠡᠲᠦ ᠰᠠᠨᠠᠭᠰᠠᠨ
ᠴᠠᠭᠯᠠᠰᠢ ᠦᠭᠡᠢ ᠬᠠᠢᠷ᠎ᠠ ᠪᠠᠨ
ᠴᠢᠮ᠎ᠠ ᠳ᠋ᠤ᠌ ᠪᠠᠨ ᠵᠣᠷᠢᠭᠤᠯᠤᠭᠰᠠᠨ

   ᠦᠰᠦᠭ ᠠᠮᠢᠯᠠᠭᠤᠯᠤᠭᠴᠢ᠄ ᠪᠣᠷᠵᠢᠭᠢᠨ᠂ ᠰᠡᠴᠡᠨᠬᠦᠦ
   ᠦᠰᠦᠭ ᠬᠠᠳᠠᠭᠴᠢ᠄ ᠪᠤᠤ᠂ ᠰᠠᠷᠠᠨ᠎ᠠ
   ᠬᠢᠨᠠᠭᠴᠢ᠄ ᠪᠣᠯᠣᠷ