1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠪᠡᠷ ᠊ᠢ ᠪᠡᠨ ᠡᠷᠢᠬᠦᠢ - ᠱ᠂ ᠭᠦᠷᠦᠪᠠᠽᠠᠷ Өөрийгээ эрихүй - Ш᠂ Гүрбазар

ᠥᠪᠡᠷ ᠊ᠢ ᠪᠡᠨ ᠡᠷᠢᠬᠦᠢ - ᠱ᠂ ᠭᠦᠷᠦᠪᠠᠽᠠᠷ Өөрийгээ эрихүй - Ш᠂ Гүрбазар

2025-03-16

430

ᠥᠪᠡᠷ ᠊ᠢ ᠪᠡᠨ ᠡᠷᠢᠬᠦᠢ

 
 ᠦᠭᠡ ᠳᠤᠲᠠᠬᠤ ᠳ᠋ᠤ᠌      
 ᠤᠬᠠᠭᠠᠨ ᠡᠷᠢᠨ᠎ᠡ 
 ᠦᠷ᠎ᠡ ᠮᠢᠨᠢ ᠬᠥᠯᠰᠡᠬᠦ ᠳ᠋ᠦ᠍      
 ᠪᠤᠷᠬᠠᠨ ᠡᠷᠢᠨ᠎ᠡ  
 ᠠᠳᠤᠭᠤ ᠡᠪᠰᠢᠶᠡᠬᠦ ᠳ᠋ᠦ᠍      
 ᠢᠷᠦᠭᠡᠯ ᠡᠷᠢᠨ᠎ᠡ 
 ᠠᠮᠠᠭᠠᠢ ᠱᠠᠷᠬᠢᠬᠤ ᠳ᠋ᠤ᠌      
 ᠰᠤᠷᠠᠭ ᠡᠷᠢᠨ᠎ᠡ  
 ᠬᠠᠢᠷ᠎ᠠ ᠴᠢᠷᠠᠢᠴᠢᠯᠠᠬᠤ ᠳ᠋ᠠᠭᠠᠨ      
 ᠢᠨᠢᠶᠡᠳᠦ ᠡᠷᠢᠨ᠎ᠡ 
 ᠬᠠᠪᠤᠷ ᠵᠤᠳᠠᠷᠠᠬᠤ ᠳ᠋ᠠᠭᠠᠨ       
 ᠵᠤᠨ ᠢ᠋ ᠡᠷᠢᠨ᠎ᠡ  
 ᠦᠬᠦᠯ ᠡᠴᠡ ᠠᠶᠤᠬᠤ ᠳ᠋ᠠᠭᠠᠨ      
 ᠥᠴᠥᠭᠡᠳᠦᠷ ᠢ᠋ ᠡᠷᠢᠨ᠎ᠡ 
 ᠦᠨᠡᠨ ᠡᠴᠡ ᠳᠠᠢᠵᠢᠬᠤ ᠳ᠋ᠠᠭᠠᠨ       
 ᠥᠪᠡᠷ ᠡᠴᠡ ᠪᠡᠨ ᠨᠢᠭᠤᠭᠳᠠᠨ᠎ᠠ᠃  

        ᠦᠰᠦᠭ ᠠᠮᠢᠯᠠᠭᠤᠯᠤᠭᠴᠢ᠄ ᠡᠩᠬᠡᠪᠠᠲᠤ 
           ᠦᠰᠦᠭ ᠬᠢᠨᠠᠭᠴᠢ᠄ ᠪᠠᠶᠠᠷᠴᠡᠴᠡᠭ