ᠮᠣᠩᠭᠣᠯ ᠬᠤᠭᠤᠷ ᠤ᠋ᠨ ᠦᠯᠢᠭᠡᠷ ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(4) Монгол хуурын үлгэрийн хэвшсэн хэллэг – Ренчиндорж᠂Хувьт найруулав - Өмнөх үг -4
ᠡᠮᠦᠨᠡᠭᠢ ᠦᠭᠡ – ᠳᠥᠷᠪᠡ
ᠳᠥᠷᠪᠡ
ᠤᠷᠲᠤ ᠬᠤᠭᠤᠴᠠᠭᠠᠨ ᠤ᠋ ᠳᠣᠲᠣᠷ᠎ᠠ ᠬᠤᠭᠤᠷ ᠤ᠋ᠨ ᠦᠯᠢᠭᠡᠷ ᠲᠡᠭᠦᠨ ᠦ᠌ ᠣᠨᠴᠠᠯᠢᠭ ᠪᠦᠬᠦᠢ ᠥᠪᠡᠷᠮᠢᠴᠡ ᠴᠢᠨᠠᠷ ᠢ᠋ᠶ᠋ᠠᠷ ᠢ᠋ᠶ᠋ᠠᠨ ᠰᠣᠨᠣᠰᠤᠭᠴᠢᠳ ᠤ᠋ᠨ ᠤᠷᠮ᠎ᠠ ᠪᠠᠬ᠎ᠠ ᠶ᠋ᠢ ᠲᠠᠲᠠᠭᠰᠠᠭᠠᠷ ᠢᠷᠡᠭᠰᠡᠨ ᠪᠣᠯᠬᠣᠷ ᠥᠷᠭᠡᠨ ᠣᠯᠠᠨ ᠬᠤᠭᠤᠷᠴᠢ ᠨᠠᠷ ᠴᠤ᠌ ᠨᠡᠩ ᠰᠢᠮᠳᠠᠨ ᠬᠢᠴᠢᠶᠡᠵᠦ ᠰᠤᠪᠢᠨ ᠰᠢᠨᠵᠢᠯᠡᠵᠦ᠂ ᠨᠢᠭᠲᠠᠯᠠᠨ ᠰᠤᠳᠤᠯᠵᠤ᠂ ᠬᠤᠭᠤᠷ ᠤ᠋ᠨ ᠦᠯᠢᠭᠡᠷ ᠦᠨ ᠤᠷᠠᠯᠢᠭ ᠤ᠋ᠨ ᠬᠡᠯᠪᠡᠷᠢ ᠶ᠋ᠢ ᠤᠯᠠᠮ ᠳᠡᠭᠡᠭᠰᠢᠯᠡᠭᠦᠯᠦᠨ ᠬᠥᠭᠵᠢᠭᠦᠯᠵᠡᠢ᠃ ᠥᠷᠭᠡᠨ ᠣᠯᠠᠨ ᠬᠤᠭᠤᠷᠴᠢ ᠨᠠᠷ ᠦᠢᠯᠡᠳᠦᠯᠭᠡ ᠶ᠋ᠢᠨ ᠶᠠᠪᠤᠴᠠ ᠳ᠋ᠠᠭᠠᠨ ᠤᠯᠠᠮᠵᠢᠯᠠᠯᠲᠤ ᠤᠷᠠᠯᠢᠭ᠂ ᠣᠷᠣᠨ ᠨᠤᠲᠤᠭ ᠤ᠋ᠨ ᠣᠨᠴᠠᠯᠢᠭ᠂ ᠪᠤᠰᠤᠳ ᠠ᠋ᠴᠠ ᠰᠤᠷᠤᠯᠴᠠᠭᠰᠠᠨ ᠮᠡᠷᠭᠡᠵᠢᠯ ᠢ᠋ ᠡᠭᠦᠳᠦᠨ ᠪᠦᠲᠦᠭᠡᠯᠲᠡ ᠶ᠋ᠢᠨ ᠠᠪᠢᠶᠠᠰ ᠵᠡᠷᠭᠡ ᠪᠡᠨ ᠣᠷᠭᠠᠨᠢᠭ ᠢ᠋ᠶ᠋ᠠᠷ ᠤᠶᠠᠯᠳᠤᠭᠤᠯᠵᠤ ᠬᠤᠪᠢ ᠬᠣᠪᠢᠨ ᠤ᠋ ᠣᠨᠴᠠᠯᠢᠭ ᠪᠦᠬᠦᠢ ᠬᠡᠪ ᠨᠠᠮᠪᠠ ᠪᠣᠯᠤᠨ ᠪᠦᠷᠢᠯᠳᠦᠵᠦ ᠪᠣᠢ᠃ ᠡᠨᠡ ᠨᠢ ᠬᠡᠳᠦᠢᠪᠡᠷ ᠬᠡᠯᠪᠡᠷᠢᠵᠢᠨ ᠲᠣᠭᠲᠠᠪᠤᠷᠢᠵᠢᠭᠰᠠᠨ ᠬᠡᠪ ᠨᠠᠮᠪᠠ ᠭᠡᠵᠦ ᠡᠷᠡᠰ ᠲᠠᠰᠤ ᠬᠤᠪᠢᠶᠠᠬᠤ ᠳ᠋ᠤ᠌ ᠪᠡᠷᠬᠡᠲᠡᠢ ᠪᠣᠯᠪᠠᠴᠤ᠂ ᠬᠤᠭᠤᠷᠴᠢ ᠨᠠᠷ ᠤ᠋ᠨ ᠣᠨᠴᠠᠯᠢᠭ ᠪᠣᠯᠤᠨ ᠠᠷᠭ᠎ᠠ ᠠᠪᠴᠢᠯ ᠢ᠋ᠶ᠋ᠠᠷ ᠨᠢ ᠶᠡᠬᠡ ᠲᠥᠯᠥᠪ ᠬᠡᠳᠦᠨ ᠬᠡᠪ ᠨᠠᠮᠪᠠ ᠬᠤᠪᠢᠶᠠᠵᠤ ᠪᠣᠯᠤᠨ᠎ᠠ᠃
ᠮᠠᠨ ᠤ᠋ ᠮᠡᠳᠡᠵᠦ ᠪᠠᠢᠭ᠎ᠠ ᠣᠷᠴᠢᠨ ᠦᠶ᠎ᠡ ᠶ᠋ᠢᠨ ᠪᠠ ᠣᠳᠣ ᠦᠶ᠎ᠡ ᠶ᠋ᠢᠨ ᠬᠣᠷᠴᠢᠨ ᠭᠠᠵᠠᠷ ᠤ᠋ᠨ ᠬᠤᠭᠤᠷᠴᠢ ᠨᠠᠷ ᠠ᠋ᠴᠠ ᠵᠢᠭᠰᠠᠭᠠᠪᠠᠯ᠄ ᠰᠢᠨᠢᠨᠨᠢᠭᠡᠨ᠂ ᠴᠣᠢᠪᠠᠩ᠂ ᠫᠠᠵᠠᠢ᠂ ᠮᠤᠤᠥᠬᠢᠨ᠂ ᠴᠣᠢᠵᠢᠺᠠᠸᠠ᠂ ᠯᠤᠤᠽᠠᠷ ᠨᠠᠷ ᠢ᠋ ᠪᠠᠭᠲᠠᠭᠠᠭᠰᠠᠨ ᠵᠠᠷᠤᠳ ᠬᠤᠭᠤᠷᠴᠢ ᠪᠠᠷ ᠭᠣᠣᠯ ᠪᠣᠯᠭᠠᠭᠰᠠᠨ ᠨᠢᠭᠡ ᠪᠦᠯᠦᠭ ᠬᠤᠭᠤᠷᠴᠢ ᠪᠠᠢᠨ᠎ᠠ᠃ ᠡᠳᠡᠨᠡᠷ ᠮᠣᠩᠭᠣᠯ ᠦᠯᠢᠭᠡᠷ ᠲᠤᠤᠯᠢᠰ ᠤᠯᠠᠮᠵᠢᠯᠠᠯ ᠢ᠋ ᠵᠠᠯᠭᠠᠮᠵᠢᠯᠠᠨ ᠬᠣᠯᠪᠣᠭ᠎ᠠ ᠬᠣᠯᠪᠣᠬᠤ ᠠᠷᠭ᠎ᠠ ᠪᠠᠷᠢᠯ ᠢ᠋ ᠬᠥᠭᠵᠢᠭᠦᠯᠦᠨ ᠪᠠᠳᠠᠷᠠᠭᠤᠯᠵᠤ ᠮᠣᠩᠭᠣᠯ ᠤ᠋ᠨ ᠤᠳᠤᠮᠰᠢᠯᠲᠤ ᠳᠦᠷᠰᠦᠯᠡᠬᠦ ᠠᠷᠭ᠎ᠠ ᠶ᠋ᠢ ᠬᠡᠷᠡᠭᠯᠡᠵᠦ᠂ ᠦᠯᠢᠭᠡᠷ ᠢ᠋ᠶ᠋ᠡᠨ ᠳᠡᠯᠭᠡᠨ ᠬᠡᠯᠡᠳᠡᠭ ᠪᠥᠭᠡᠳ ᠦᠯᠢᠭᠡᠷ ᠦ᠋ᠨ ᠦᠯᠡ ᠶᠠᠪᠤᠳᠠᠯ ᠪᠠ ᠬᠥᠮᠦᠰ ᠢ᠋ᠶ᠋ᠡᠨ ᠲᠠᠯ᠎ᠠ ᠲᠠᠯ᠎ᠠ ᠠ᠋ᠴᠠ ᠨᠢ ᠳᠦᠷᠰᠦᠯᠡᠨ ᠤᠷᠠᠯᠢᠭ ᠤ᠋ᠨ ᠬᠦᠴᠦᠨ ᠴᠢᠳᠠᠯ ᠢ᠋ ᠪᠠᠳᠠᠷᠠᠭᠤᠯᠵᠤ᠂ ᠤᠷᠤᠰᠤᠮ᠎ᠠ ᠪᠠᠶᠠᠯᠢᠭ ᠬᠡᠯᠡ ᠪᠡᠷ ᠤᠴᠢᠷ ᠶᠠᠪᠤᠳᠠᠯ ᠢ᠋ᠶ᠋ᠠᠨ ᠠᠮᠢᠳᠤ ᠳᠦᠷᠰᠦᠯᠢᠭ ᠢᠯᠡᠳᠬᠡᠵᠦ ᠬᠥᠮᠦᠰ ᠦ᠋ᠨ ᠪᠠᠬ᠎ᠠ ᠰᠣᠨᠢᠷᠬᠠᠯ ᠢ᠋ ᠲᠠᠲᠠᠳᠠᠭ᠃ ᠡᠳᠡᠨᠡᠷ ᠦ᠋ᠨ ᠶᠡᠷᠦᠩᠬᠡᠢ ᠣᠨᠴᠠᠯᠢᠭ ᠭᠡᠪᠡᠯ᠂ ᠦᠯᠢᠭᠡᠷ ᠬᠡᠯᠡᠬᠦ ᠬᠡᠪ ᠨᠠᠮᠪᠠ ᠨᠢ ᠤᠷᠤᠰᠤᠮ᠎ᠠ ᠢᠯᠭᠤᠮ᠂ ᠬᠠᠳᠠᠨ ᠴᠢᠭᠢᠷᠠᠭ᠂ ᠢᠯᠡ ᠲᠣᠳᠣᠷᠬᠠᠢ ᠪᠥᠭᠡᠳ ᠠᠢᠵᠠᠮ ᠴᠣᠬᠢᠯᠭ᠎ᠠ ᠪᠠᠷ ᠴᠢᠩᠭ᠎ᠠ ᠡᠷᠴᠢᠮᠲᠡᠢ᠂ ᠠᠶᠠᠯᠭᠤ ᠡᠬᠡᠰᠢᠭ ᠢ᠋ᠶ᠋ᠡᠷ ᠣᠭᠵᠣᠮ ᠬᠥᠪᠭᠡᠯᠡᠩ ᠪᠠᠢᠳᠠᠭ᠃
ᠨᠥᠭᠦᠭᠡ ᠨᠢᠭᠡ ᠪᠦᠯᠦᠭ ᠨᠢ ᠡᠦ ᠰᠢᠶᠠᠨ ᠪᠤᠤ᠂ ᠠᠯᠲᠠ᠂ ᠪᠤᠤ ᠰᠦᠸᠧ ᠵᠣ᠌᠂ ᠰᠥᠩ ᠯᠢᠨ᠂ ᠭᠦᠩᠭ᠎ᠠ᠂ ᠡᠦ ᠳᠣᠷᠵᠢ᠂ ᠲᠠᠮᠤᠷ᠎ᠠ ᠵᠡᠷᠭᠡ ᠶ᠋ᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ᠪᠠ ᠬᠣᠢᠲᠤ ᠬᠣᠰᠢᠭᠤ ᠪᠠᠷ ᠭᠣᠣᠯᠯᠠᠭᠰᠠᠨ ᠨᠢᠭᠡ ᠪᠦᠯᠦᠭ ᠬᠤᠭᠤᠷᠴᠢ ᠪᠣᠢ᠃ ᠡᠳᠡᠨᠡᠷ ᠮᠣᠩᠭᠣᠯ ᠦᠯᠢᠭᠡᠷ ᠦ᠋ᠨ ᠤᠷᠠᠯᠢᠭ ᠤ᠋ᠨ ᠤᠯᠠᠮᠵᠢᠯᠠᠯ ᠢ᠋ ᠵᠠᠯᠠᠭᠠᠮᠵᠢᠯᠠᠵᠤ᠂ ᠬᠡᠲᠡᠳ ᠤᠨ ᠦᠯᠢᠭᠡᠷ ᠬᠡᠯᠡᠬᠦ ᠣᠨᠴᠠᠯᠢᠭ ᠢ᠋ ᠬᠢᠨᠠᠯᠲᠠ ᠪᠣᠯᠭᠠᠵᠤ᠂ ᠦᠯᠢᠭᠡᠷ ᠤᠨ ᠪᠦᠲᠦᠴᠡ ᠪᠡᠨ ᠨᠢᠭᠲᠠ ᠲᠣᠬᠢᠷᠠᠭᠤᠯᠵᠤ᠂ ᠦᠯᠢᠭᠡᠷᠯᠢᠭ ᠶᠠᠪᠤᠴᠠ ᠪᠠᠨ ᠴᠢᠩᠭ᠎ᠠ ᠵᠣᠬᠢᠶᠠᠮᠵᠢᠯᠠᠵᠤ᠂ ᠬᠦᠦᠷᠨᠢᠯᠲᠡ ᠤᠶᠠᠩᠭᠠᠯᠠᠯ ᠢ᠋ ᠬᠣᠣᠰᠯᠠᠭᠤᠯᠵᠤ ᠰᠣᠨᠣᠰᠤᠭᠴᠢᠳ ᠤ᠋ᠨ ᠳᠤᠷ᠎ᠠ ᠰᠣᠨᠢᠷᠬᠠᠯ ᠢ᠋ ᠲᠠᠲᠠᠳᠠᠭ᠃ ᠡᠳᠡᠨᠥᠰ ᠤᠨ ᠬᠡᠪ ᠨᠠᠮᠪᠠ ᠨᠢ ᠡᠪᠬᠡᠷᠡᠭᠦᠨ ᠤᠶᠠᠩᠭᠠᠯᠢᠭ᠂ ᠵᠥᠭᠡᠯᠡᠨ ᠨᠠᠢᠷᠠᠮᠳᠠᠭᠤ᠂ ᠨᠠᠮ ᠳᠣᠯᠬᠢᠶᠠᠲᠠᠢ ᠪᠥᠭᠡᠳ ᠠᠢᠵᠠᠮ ᠴᠣᠬᠢᠯᠭ᠎ᠠ ᠨᠢ ᠠᠭᠠᠵᠢᠮ ᠤᠳᠠᠭᠠᠪᠲᠤᠷ᠂ ᠠᠶᠠᠯᠭᠤ ᠡᠬᠡᠰᠢᠭ ᠨᠢ ᠤᠶᠠᠷᠠᠮ᠎ᠠ ᠨᠤᠭᠤᠯᠪᠤᠷᠢ ᠲᠠᠢ ᠪᠠᠢᠳᠠᠭ᠃
ᠪᠠᠰᠠ ᠨᠢᠭᠡ ᠪᠦᠯᠦᠭ ᠨᠢ ᠭᠡᠪᠡᠯ᠂ ᠵᠠᠨ᠎ᠠ᠂ ᠡᠷᠳᠡᠨᠢᠵᠢᠷᠦᠬᠡ᠂ ᠰᠢᠷᠠᠪ᠂ ᠪᠠᠢ ᠱᠦᠨ᠂ ᠪᠠᠢ ᠰᠦᠸᠧ᠂ ᠪᠦᠷᠢᠨᠪᠡᠷᠡᠷ᠂ ᠮᠥᠩᠬᠡᠭᠣᠣᠯᠲᠣ᠌᠂ ᠬᠠᠢᠪᠤᠤ᠂ ᠭᠠᠨᠵᠤᠤᠷ ᠵᠡᠷᠭᠡ ᠬᠤᠭᠤᠷᠴᠢ ᠶ᠋ᠢ ᠪᠠᠭᠲᠠᠭᠠᠭᠰᠠᠨ ᠵᠠᠷᠤᠳ — ᠲᠦᠰᠢᠶᠡᠲᠦ ᠶ᠋ᠢᠨ ᠨᠢᠭᠡ ᠪᠦᠯᠦᠭ ᠬᠤᠭᠤᠷᠴᠢ ᠪᠠᠢᠳᠠᠭ᠃ ᠡᠳᠡᠨᠡᠷ᠂ ᠮᠣᠩᠭᠣᠯ ᠬᠤᠭᠤᠷ ᠤ᠋ᠨ ᠦᠯᠢᠭᠡᠷ ᠤᠨ ᠤᠯᠠᠮᠵᠢᠯᠠᠯᠲᠤ ᠣᠨᠴᠠᠯᠢᠭ ᠪᠠ ᠬᠢᠲᠠᠳ ᠤ᠋ᠨ ᠦᠯᠢᠭᠡᠷ ᠤᠨ ᠣᠨᠴᠠᠯᠢᠭ ᠲᠠᠢ ᠢᠳᠡᠭᠡᠰᠢᠭᠦᠯᠦᠨ ᠤᠶᠠᠯᠳᠤᠭᠤᠯᠵᠤ᠂ ᠦᠯᠢᠭᠡᠷ ᠬᠡᠯᠡᠬᠦ ᠠᠷᠭ᠎ᠠ ᠪᠠᠷᠢᠯ ᠢ᠋ᠶ᠋ᠠᠨ ᠪᠠᠶᠠᠯᠢᠭᠵᠢᠭᠤᠯᠤᠨ ᠬᠥᠭᠵᠢᠭᠦᠯᠦᠭᠡᠳ ᠦᠯᠢᠭᠡᠷ ᠤᠨ ᠯᠣᠭᠢᠭ ᠬᠠᠷᠢᠴᠠᠭ᠎ᠠ ᠶ᠋ᠢ ᠴᠢᠩᠭ᠎ᠠ ᠠᠩᠬᠠᠷᠴᠤ᠂ ᠦᠨᠡᠮᠰᠢᠭᠦᠯᠬᠦ ᠴᠢᠨᠠᠷ ᠢ᠋ ᠳᠡᠭᠡᠭᠰᠢᠯᠡᠭᠦᠯᠵᠦ᠂ ᠪᠠᠶᠠᠯᠢᠭ ᠳᠦᠷᠰᠦᠯᠢᠭ ᠪᠥᠭᠡᠳ ᠭᠦᠨ ᠤᠬᠠᠭᠠᠯᠢᠭ ᠬᠡᠯᠡᠯᠭᠡ ᠶ᠋ᠢ ᠬᠡᠷᠡᠭᠯᠡᠵᠦ᠂ ᠦᠯᠢᠭᠡᠷ ᠲᠦ᠍ ᠭᠠᠷᠳᠠᠭ ᠦᠢᠯᠡ ᠶᠠᠪᠤᠳᠠᠯ ᠪᠠ ᠬᠥᠮᠦᠰ ᠤᠨ ᠬᠥᠳᠡᠯᠭᠡᠭᠡᠨ ᠲᠡᠢ ᠤᠷᠠᠯᠳᠤᠭᠤᠯᠤᠨ ᠠᠮᠢᠳᠤᠷᠠᠯ ᠤ᠋ᠨ ᠵᠦᠢ ᠶᠣᠰᠣ ᠶ᠋ᠢ ᠲᠣᠳᠣᠷᠬᠠᠢᠯᠠᠵᠤ ᠬᠥᠮᠦᠰ ᠲᠦ᠍ ᠥᠭᠬᠦ ᠬᠥᠮᠦᠵᠢᠭᠦᠯᠬᠦ ᠦᠢᠯᠡᠳᠦᠯ ᠢ᠋ ᠨᠡᠯᠢᠶᠡᠳ ᠠᠩᠬᠠᠷᠳᠠᠭ᠃ ᠮᠥᠨ ᠳᠡᠭᠦᠯᠴᠢᠯᠡᠨ ᠦᠯᠢᠭᠡᠷ ᠤᠨ ᠤᠴᠢᠷ ᠶᠠᠪᠤᠳᠠᠯ ᠢ᠋ᠶ᠋ᠠᠨ ᠵᠣᠬᠢᠬᠤ ᠬᠡᠮᠵᠢᠶ᠎ᠡ ᠪᠡᠷ ᠳᠡᠯᠭᠡᠭᠡᠳ᠂ ᠰᠠᠯᠠᠭ᠎ᠠ ᠪᠦᠬᠦᠨ ᠢ᠋ ᠨᠢ ᠬᠤᠮᠢᠨ ᠬᠤᠷᠢᠶᠠᠵᠤ ᠬᠤᠷᠢᠶᠠᠩᠭᠤᠢᠯᠠᠨ ᠨᠢᠭᠡᠳᠬᠡᠬᠦ ᠠᠷᠭ᠎ᠠ ᠪᠠᠷ ᠬᠥᠮᠦᠰ ᠲᠦ᠍ ᠭᠦᠨ ᠭᠦᠨᠵᠡᠭᠡᠢ ᠰᠠᠭᠤᠭᠳᠠᠯ ᠢ᠋ ᠥᠭᠳᠡᠭ ᠶᠦᠮ᠃ ᠡᠳᠡᠨᠡᠷ ᠤᠨ ᠬᠡᠪ ᠨᠠᠮᠪᠠ ᠨᠢ ᠭᠡᠪᠡᠯ᠂ ᠦᠯᠢᠭᠡᠷ ᠲᠡᠭᠡᠨ ᠲᠣᠬᠢᠷᠠᠭᠰᠠᠨ ᠠᠭᠤᠷ ᠠᠮᠢᠰᠬᠤᠯ ᠲᠠᠢ᠂ ᠤᠷᠤᠰᠤᠮ᠎ᠠ ᠰᠠᠢᠬᠠᠨ᠂ ᠭᠦᠨ ᠤᠬᠠᠭᠠᠯᠢᠭ᠂ ᠨᠠᠷᠢᠨ ᠲᠣᠳᠣ ᠪᠥᠭᠡᠳ ᠠᠢᠵᠠᠮ ᠴᠣᠬᠢᠯᠭ᠎ᠠ ᠥᠪᠡᠷᠮᠢᠴᠡ ᠣᠨᠴᠠᠯᠢᠭ ᠲᠠᠢ᠂ ᠠᠶᠠᠯᠭᠤ ᠬᠥᠭ ᠳᠣᠯᠭᠢᠨ ᠡᠷᠴᠢᠮ ᠲᠡᠢ ᠪᠠᠢᠳᠠᠭ᠃ ᠭᠡᠬᠦ ᠳ᠋ᠡᠭᠡᠨ ᠡᠳᠡᠭᠡᠷ ᠬᠤᠭᠤᠷᠴᠢ ᠨᠠᠷ ᠬᠣᠭᠣᠷᠣᠨᠳᠣ ᠪᠠᠨ ᠪᠠᠰᠠ ᠠᠳᠠᠯᠢ ᠦᠭᠡᠢ ᠪᠠᠢᠳᠠᠭ᠂ ᠲᠡᠳᠡᠨᠡᠷ ᠬᠡᠳᠦᠢᠪᠡᠷ ᠶᠡᠷᠦᠩᠬᠡᠢ ᠣᠨᠴᠠᠯᠢᠭ ᠲᠠᠢ ᠪᠠᠢᠯ᠎ᠠ ᠴᠤ᠌ ᠭᠡᠰᠡᠨ ᠦᠢᠯᠡᠳᠦᠯᠭᠡ ᠶ᠋ᠢᠨ ᠶᠠᠪᠤᠴᠠ ᠳ᠋ᠠᠭᠠᠨ ᠮᠥᠨ ᠥᠪᠡᠷ ᠥᠪᠡᠷ ᠤᠨ ᠣᠨᠴᠠᠯᠢᠭ ᠢ᠋ᠶ᠋ᠠᠨ ᠪᠠᠳᠠᠷᠠᠭᠤᠯᠵᠤ᠂ ᠳᠣᠲᠣᠷ᠎ᠠ ᠪᠠᠨ ᠪᠠᠰᠠ ᠬᠣᠢᠲᠤ ᠶ᠋ᠢᠨ᠂ ᠳᠤᠮᠳᠠᠳᠤ ᠶ᠋ᠢᠨ᠂ ᠡᠡᠮᠦᠨᠡᠳᠡᠬᠢ ᠶ᠋ᠢᠨ ᠪᠦᠯᠦᠭ ᠭᠡᠵᠦ ᠭᠤᠷᠪᠠᠨ ᠪᠦᠯᠦᠭ ᠬᠤᠪᠢᠶᠠᠳᠠᠭ᠃ ᠰᠣᠨᠣᠰᠤᠭᠴᠢᠳ ᠵᠠᠩᠰᠢᠯ ᠠ᠋ᠴᠠ ᠪᠠᠨ ᠵᠠᠨ᠎ᠠ᠂ ᠡᠷᠳᠡᠨᠢᠵᠢᠷᠦᠬᠡ᠂ ᠰᠢᠷᠠᠪ᠂ ᠪᠠᠢ ᠱᠦᠨ ᠨᠠᠷ ᠢ᠋ᠶ᠋ᠠᠷ ᠲᠥᠯᠥᠭᠡᠯᠡᠭᠦᠯᠦᠭᠰᠡᠨ ᠬᠤᠭᠤᠷᠴᠢ ᠨᠠᠷ ᠢ ᠬᠣᠢᠲᠤ ᠬᠡᠰᠡᠭ ᠤᠨ ᠬᠤᠭᠤᠷᠴᠢ ᠭᠡᠵᠦ ᠨᠡᠷᠡᠯᠡᠭᠡᠳ᠂ ᠪᠦᠷᠢᠨᠪᠠᠶᠠᠷ᠂ ᠭᠠᠨᠵᠤᠤᠷ ᠨᠠᠷ ᠢ᠋ ᠳᠤᠮᠳᠠᠳᠤ ᠬᠡᠰᠡᠭ ᠤᠨ ᠬᠤᠭᠤᠷᠴᠢ᠂ ᠮᠥᠩᠬᠡᠭᠣᠣᠯᠲᠣ᠌᠂ ᠬᠠᠢᠪᠤᠤ ᠨᠠᠷ ᠢ᠋ ᠡᠮᠦᠨ᠎ᠡ ᠬᠡᠰᠡᠭ ᠤᠨ ᠬᠤᠭᠤᠷᠴᠢ ᠭᠡᠵᠦ ᠨᠡᠷᠡᠯᠡᠳᠡᠭ᠃ ᠡᠳᠡᠨᠥᠰ ᠦ᠋ᠨ ᠦᠯᠢᠭᠡᠷ ᠬᠡᠯᠡᠬᠦ ᠠᠷᠭ᠎ᠠ ᠪᠠᠷᠢᠯ ᠪᠠ ᠨᠠᠮᠪᠠ ᠨᠢ ᠬᠣᠭᠣᠷᠣᠨᠳᠣ ᠪᠠᠨ ᠮᠥᠨ ᠨᠡᠯᠢᠶᠡᠳ ᠢᠯᠭᠠᠭ᠎ᠠ ᠲᠠᠢ ᠪᠠᠢᠳᠠᠭ᠃ ᠵᠢᠱ᠌ᠢᠶᠡᠯᠡᠪᠡᠯ᠂ ᠬᠣᠢᠲᠤ ᠬᠡᠰᠡᠭ ᠤᠨ ᠬᠢᠨ ᠭᠦᠨ ᠤᠬᠠᠭᠠᠯᠢᠭ ᠴᠢᠨᠠᠷ ᠢ᠋ᠶ᠋ᠠᠷ ᠦᠯᠡᠮᠵᠢ᠃ ᠳᠤᠮᠳᠠᠳᠤ ᠬᠡᠰᠡᠭ ᠦ᠋ᠨ ᠬᠢᠨ ᠯᠣᠭᠢᠭ ᠠᠪᠴᠠᠯᠳᠤᠭ᠎ᠠ ᠪᠠᠷ ᠴᠢᠩᠭ᠎ᠠ; ᠡᠮᠦᠨᠡᠲᠦ ᠬᠡᠰᠡᠭ ᠦ᠋ᠨ ᠬᠢᠨ ᠱᠣᠭ ᠶᠥᠮᠥᠯᠢᠭ ᠢ᠋ᠶ᠋ᠡᠷ ᠭᠠᠷᠮᠠᠭᠠᠢ ᠭᠡᠬᠦ ᠵᠡᠷᠭᠡ ᠶ᠋ᠢᠨ ᠣᠨᠴᠠᠯᠢᠭ ᠪᠣᠢ᠃
ᠬᠤᠭᠤᠷ ᠤ᠋ᠨ ᠦᠯᠢᠭᠡᠷ ᠠᠷᠠᠳ ᠣᠯᠠᠨ ᠤ᠋ ᠪᠠᠬ᠎ᠠ ᠰᠣᠨᠢᠷᠬᠠᠯ ᠢ᠋ ᠲᠠᠲᠠᠭᠰᠠᠨ ᠤᠷᠠᠯᠢᠭ ᠤ᠋ᠨ ᠬᠤᠪᠢ ᠳ᠋ᠤ᠌᠂ ᠥᠪᠡᠷ ᠤᠨ ᠬᠥᠭᠵᠢᠯ ᠦ᠋ᠨ ᠵᠠᠮ ᠢ᠋ᠶ᠋ᠠᠷ ᠢ᠋ᠶ᠋ᠠᠨ ᠤᠷᠤᠭᠰᠢᠯᠠᠵᠤ᠂ ᠥᠪᠡᠷᠮᠢᠴᠡ ᠣᠨᠴᠠᠯᠢᠭ ᠢ᠋ᠶ᠋ᠠᠨ ᠪᠠᠳᠠᠷᠠᠭᠤᠯᠵᠤ᠂ ᠵᠦᠢᠯ ᠪᠦᠷᠢ ᠶ᠋ᠢᠨ ᠬᠡᠪ ᠨᠠᠮᠪᠠ ᠶ᠋ᠢ ᠪᠦᠷᠢᠯᠳᠦᠭᠦᠯᠵᠦ᠂ ᠲᠥᠯᠥᠪᠵᠢᠨ ᠲᠣᠭᠲᠠᠭᠤᠨ᠂ ᠤᠷᠠᠯᠢᠭ ᠤ᠋ᠨ ᠬᠦᠷᠢᠶᠡᠯᠡᠩ ᠳ᠋ᠦ᠍ ᠥᠩᠭᠡ ᠭᠢᠯᠪᠠᠭ᠎ᠠ ᠪᠠᠨ ᠨᠡᠮᠡᠷᠢᠯᠡᠵᠦ ᠪᠠᠢᠨ᠎ᠠ᠃ ᠡᠨᠡ ᠪᠣᠯ ᠨᠢᠭᠡ ᠵᠦᠢᠯ ᠦ᠋ᠨ ᠪᠠᠶᠠᠷᠯᠠᠭᠤᠰᠢᠲᠠᠢ ᠶᠠᠪᠤᠳᠠᠯ ᠪᠥᠭᠡᠳ ᠡᠭᠦᠨ ᠡᠴᠡ ᠬᠣᠢᠰᠢ᠂ ᠭᠦᠨᠵᠡᠭᠡᠢᠷᠡᠨ ᠰᠤᠳᠤᠯᠤᠨ ᠰᠢᠨᠵᠢᠯᠡᠮᠡᠷ ᠠᠰᠠᠭᠤᠳᠠᠯ ᠶᠤᠮ᠃
