ᠦᠭᠡᠨ ᠡᠴᠡ ᠴᠢᠮᠠᠶ᠋ᠢ ᠪᠠᠨ ᠥᠮᠥᠭᠡᠷᠡᠬᠦ ᠳ᠋ᠡᠭᠡᠨ ᠪᠢ᠁ - ᠪᠠᠪᠤᠤ ᠶ᠋ᠢᠨ ᡀᠬᠠᠪᠠᠰᠥ᠋ᠷᠦᠩ Үгнээс чамайгаа өмөөрөхдөө би ᠁ – Бавуугийн Лхагвасүрэн
ᠦᠭᠡᠨ ᠡᠴᠡ ᠴᠢᠮᠠᠶ᠋ᠢ ᠪᠠᠨ ᠥᠮᠥᠭᠡᠷᠡᠬᠦ ᠳ᠋ᠡᠭᠡᠨ ᠪᠢ᠁
ᠳᠠᠯᠢ ᠰᠣᠯᠢ ᠶᠠᠷᠢᠶ᠎ᠠ ᠪᠣᠯᠭᠠᠨ ᠢ᠋
ᠳᠡᠪᠡᠯ ᠦ᠋ᠨ ᠢ᠋ᠶ᠋ᠡᠨ ᠬᠠᠪᠠᠭᠠᠰᠤᠨ ᠳ᠋ᠤ᠌ ᠨᠢᠭᠤᠵᠤ ᠶᠠᠪᠤᠳᠠᠭ᠃
ᠭᠤᠨᠢᠭ ᠠ᠋ᠴᠠ ᠴᠢᠮᠠᠶ᠋ᠢ ᠪᠠᠨ ᠲᠥᠭᠡᠷᠢᠭᠦᠯᠬᠦ ᠳ᠋ᠡᠭᠡᠨ ᠪᠢ᠁
ᠪᠣᠳᠣᠯ ᠤ᠋ᠨ ᠰᠡᠭᠦᠳᠡᠷ ᠤᠨᠠᠭᠠᠬᠤ ᠪᠣᠯᠭᠠᠨ ᠢ᠋
ᠪᠣᠯᠤᠭ᠎ᠠ ᠦᠭᠡᠢ ᠶᠦᠮ ᠰᠢᠭ ᠭᠡᠭᠡᠵᠦ ᠶᠠᠪᠤᠳᠠᠭ᠃
ᠦᠬᠦᠯ ᠡᠴᠡ ᠴᠢᠮᠠᠶ᠋ᠢ ᠪᠠᠨ ᠬᠠᠷᠠᠮᠨᠠᠬᠤ ᠳ᠋ᠠᠭᠠᠨ ᠪᠢ᠁
ᠪᠢᠲᠡᠭᠡᠢ ᠳᠡᠷᠡᠨ ᠢ᠋ ᠮᠢᠨᠢ! ᠨᠠᠮᠠᠶ᠋ᠢ! ᠭᠡᠵᠦ
ᠪᠢᠲᠡᠭᠦᠬᠡᠨ ᠳᠣᠲᠣᠷ᠎ᠠ ᠪᠠᠨ ᠭᠤᠶᠤᠵᠤ ᠶᠠᠪᠤᠳᠠᠭ᠃
2005 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ