ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 29 Нэгэн ном тавцан үн өдөр үн тэмдэглэлээс – 29
ᠠᠮᠢᠳᠤᠷᠠᠯ ᠭᠡᠳᠡᠭ ᠦᠨᠡᠨ ᠳ᠋ᠦ᠍ ᠪᠡᠨ ᠨᠢᠭᠡ ᠬᠠᠭᠠᠯᠭ᠎ᠠ ᠬᠠᠭᠠᠭᠳᠠᠬᠤ ᠦᠶᠡᠰ ᠪᠠᠰᠠ ᠨᠢᠭᠡ ᠬᠠᠭᠠᠯᠭ᠎ᠠ ᠨᠡᠭᠡᠭᠡᠭᠳᠡᠳᠡᠭ᠃ ᠨᠢᠭᠡᠨ ᠡᠳᠦᠷ ᠳᠥᠴᠢ ᠶᠢᠰᠦᠨ ᠨᠠᠰᠤᠲᠠᠢ ᠮᠠᠷᠺ ᠮᠥᠨ ᠯᠡ ᠤᠤᠯ ᠤ᠋ᠨ ᠪᠠᠢᠳᠠᠯ ᠢ᠋ᠶ᠋ᠠᠷ ᠢ᠋ᠶ᠋ᠠᠨ ᠠᠵᠢᠯ ᠳ᠋ᠤ᠌ ᠪᠠᠨ ᠶᠠᠪᠤᠯ᠎ᠠ᠃ ᠲᠡᠷᠡ ᠡᠨᠡ ᠬᠦ᠌ ᠠᠵᠢᠯ ᠳ᠋ᠤ᠌ ᠪᠠᠨ ᠬᠣᠷᠢᠨ ᠬᠡᠳᠦᠨ ᠵᠢᠯ ᠴᠢᠷᠮᠠᠢᠵᠤ ᠳᠠᠭᠠᠭᠠᠮᠠᠯ ᠤ᠋ᠨ ᠣᠷᠣᠨ ᠳ᠋ᠤ᠌ ᠰᠠᠭᠤᠵᠠᠢ᠃ ᠡᠨᠡ ᠬᠣᠭᠣᠷᠣᠨᠳᠣ ᠲᠡᠷᠡ ᠮᠠᠰᠢ ᠶᠡᠬᠡ ᠬᠦᠴᠢᠷ ᠪᠡᠷᠬᠡᠰᠢᠶᠡᠯ ᠢ᠋ ᠠᠮᠰᠠᠵᠤ ᠥᠩᠭᠡᠷᠡᠭᠰᠡᠨ ᠪᠥᠭᠡᠳ ᠣᠳᠣ ᠳᠠᠬᠢᠭᠠᠳ ᠠᠷᠪᠠᠨ ᠨᠢᠭᠡᠨ ᠵᠢᠯ ᠴᠢᠷᠮᠠᠢᠵᠤ ᠠᠵᠢᠯᠯᠠᠴᠢᠬᠠᠪᠠᠯ ᠠᠵᠢᠯ ᠤ᠋ᠨ ᠠᠮᠠᠷᠠᠯᠲᠠ ᠪᠠᠨ ᠠᠪᠴᠤ᠂ ᠠᠮᠠᠷᠠᠯᠲᠠ ᠶ᠋ᠢᠨ ᠮᠥᠩᠭᠥ ᠪᠡᠨ ᠵᠠᠷᠤᠵᠤ ᠠᠮᠤᠷ ᠲᠠᠢᠪᠤᠩ ᠠᠮᠢᠳᠤᠷᠠᠬᠤ ᠪᠣᠯᠤᠨ᠎ᠠ᠃ ᠲᠡᠭᠡᠭᠡᠳ ᠪᠣᠭᠴᠣ ᠪᠠᠨ ᠡᠭᠦᠷᠴᠦ ᠠᠵᠢᠯ ᠤ᠋ᠨ ᠭᠠᠵᠠᠷ ᠳᠤ ᠪᠠᠨ ᠣᠴᠢᠬᠤ ᠳ᠋ᠤ᠌ ᠳᠠᠷᠤᠭ᠎ᠠ ᠨᠢ ᠲᠡᠭᠦᠨ ᠢ᠋ ᠬᠦᠯᠢᠶᠡᠵᠦ ᠪᠠᠢᠪᠠ᠃ ᠳᠠᠷᠤᠭ᠎ᠠ ᠨᠢ᠄《ᠴᠢ ᠠᠵᠢᠯ ᠠ᠋ᠴᠠ ᠪᠠᠨ ᠬᠠᠯᠠᠭᠳᠠᠭᠰᠠᠨ》 ᠭᠡᠬᠦ ᠳ᠋ᠦ᠍ ᠲᠡᠷᠡ ᠶᠡᠬᠡ ᠵᠣᠪᠠᠵᠤ᠄《ᠶᠠᠭᠠᠬᠢᠭᠠᠳ ᠠᠵᠢᠯ ᠠ᠋ᠴᠠ ᠪᠠᠨ ᠬᠠᠯᠠᠭᠳᠠᠭᠰᠠᠨ ᠪᠣᠢ? ᠪᠤᠷᠤᠭᠤ ᠶᠠᠪᠤᠳᠠᠯ ᠬᠢᠭᠰᠡᠨ ᠤᠤ?》 ᠭᠡᠬᠦ ᠳ᠋ᠦ᠍ ᠳᠠᠷᠤᠭ᠎ᠠ ᠨᠢ᠄《ᠴᠢ ᠶᠠᠮᠠᠷ ᠴᠤ᠌ ᠠᠯᠳᠠᠭ᠎ᠠ ᠭᠠᠷᠭᠠᠭᠰᠠᠨ ᠦᠭᠡᠢ᠂ ᠣᠢᠷ᠎ᠠ ᠳ᠋ᠤ᠌ ᠮᠠᠨ ᠤ᠋ ᠺᠣᠮᠫᠠᠨᠢ ᠣᠷᠣᠯᠭ᠎ᠠ ᠮᠠᠭᠤ᠂ ᠡᠢᠮᠦ ᠡᠴᠡ ᠬᠡᠰᠡᠭ ᠪᠦᠯᠦᠭ ᠬᠥᠮᠦᠨ ᠢ᠋ ᠬᠠᠰᠤᠬᠤ ᠬᠡᠷᠡᠭᠲᠡᠢ᠃ ᠬᠠᠷᠠᠮᠰᠠᠯᠲᠠᠢ ᠨᠢ ᠲᠠ ᠡᠳᠡᠭᠡᠷ ᠬᠠᠰᠤᠭᠳᠠᠬᠤ ᠬᠥᠮᠦᠰ ᠦ᠋ᠨ ᠨᠡᠷᠡᠰ ᠲᠦ᠍ ᠪᠠᠢᠨ᠎ᠠ》 ᠭᠡᠵᠡᠢ᠃ ᠢᠩᠭᠢᠭᠡᠳ ᠮᠠᠷᠺ ᠮᠠᠰᠢ ᠣᠯᠠᠨ ᠡᠳᠦᠷ ᠦᠷᠭᠦᠯᠵᠢ ᠨᠢᠭᠡ ᠺᠣᠹᠧ ᠶ᠋ᠢᠨ ᠥᠷᠥᠭᠡᠨ ᠳ᠋ᠦ᠍ ᠣᠴᠢᠵᠤ ᠵᠣᠪᠠᠵᠤ ᠰᠠᠭᠤᠳᠠᠭ ᠶᠤᠮ ᠭᠡᠨ᠎ᠡ᠃ ᠭᠡᠨᠡᠳᠲᠡ ᠨᠢᠭᠡᠨ ᠡᠳᠦᠷ ᠶᠠᠭ ᠲᠡᠭᠦᠨ ᠲᠡᠢ ᠠᠳᠠᠯᠢ ᠤᠴᠠᠷᠠᠯ ᠲᠠᠢ ᠨᠠᠢᠵᠠ ᠪᠤᠷᠠᠨᠺ ᠲᠠᠢ ᠲᠠᠭᠠᠷᠠᠯᠳᠤᠵᠠᠢ᠃ ᠲᠡᠳᠡ ᠬᠣᠶᠠᠭᠤᠯᠠ ᠵᠣᠭᠣᠭᠳᠠᠭᠰᠠᠭᠠᠷ ᠪᠠᠢᠵᠤ ᠭᠡᠨᠡᠳᠲᠡ ᠪᠢᠳᠡ ᠬᠣᠶᠠᠷ ᠡᠳᠦᠷᠵᠢᠨ ᠵᠣᠪᠠᠭᠠᠳ ᠶᠠᠭᠤ ᠬᠢᠬᠦ ᠪᠣᠢ? ᠬᠣᠶᠠᠭᠤᠯᠠ ᠪᠠᠨ ᠨᠡᠢᠯᠡᠭᠡᠳ ᠨᠢᠭᠡ ᠺᠣᠮᠫᠠᠨᠢ ᠪᠠᠢᠭᠤᠯᠪᠠᠯ ᠶᠠᠮᠠᠷ ᠪᠣᠢ ᠭᠡᠪᠡ᠃ ᠡᠨᠡᠬᠦ ᠪᠣᠳᠣᠯ ᠠ᠋ᠴᠠ ᠪᠠᠨ ᠪᠣᠯᠤᠭᠠᠳ ᠲᠡᠳᠡ ᠬᠣᠶᠠᠭᠤᠯᠠ ᠤᠷᠲᠤ ᠬᠤᠭᠤᠴᠠᠭ᠎ᠠ ᠲᠥᠰᠥᠪ ᠲᠥᠯᠥᠪᠯᠡᠭᠡ ᠬᠢᠵᠦ᠄《ᠬᠠᠮᠤᠭ ᠬᠢᠮᠳᠠ ᠦᠨ᠎ᠡ᠂ ᠬᠠᠮᠤᠭ ᠰᠠᠢᠨ ᠦᠢᠯᠡᠴᠢᠯᠡᠭᠡ᠂ ᠬᠠᠮᠤᠭ ᠰᠠᠢᠨ ᠰᠣᠩᠭᠣᠯᠲᠠ》 ᠭᠡᠰᠡᠨ ᠤᠷᠢᠶ᠎ᠠ ᠲᠠᠢ ᠭᠡᠷ ᠪᠦᠯᠢ ᠶ᠋ᠢᠨ ᠬᠡᠷᠡᠭᠰᠡᠯ ᠦ᠋ᠨ ᠬᠥᠮᠥᠷᠭᠡ ᠶ᠋ᠢᠨ ᠺᠣᠮᠫᠠᠨᠢ ᠪᠠᠢᠭᠤᠯᠵᠠᠢ᠃ 1978 ᠣᠨ ᠤ᠋ ᠬᠠᠪᠤᠷ ᠪᠠᠢᠭᠤᠯᠤᠭᠳᠠᠭᠰᠠᠨ ᠠ᠋ᠴᠠ ᠠᠪᠤᠭᠠᠳ 20 ᠵᠢᠯ ᠦ᠋ᠨ ᠳᠣᠲᠣᠷ᠎ᠠ 775 ᠳᠡᠯᠭᠡᠭᠦᠷ 16 ᠲᠦᠮᠡᠨ ᠠᠵᠢᠯᠴᠢᠨ ᠲᠠᠢ᠂ ᠵᠢᠯ ᠦ᠋ᠨ ᠪᠣᠷᠣᠯᠠᠭᠤᠯᠭ᠎ᠠ ᠨᠢ 300 ᠳ᠋ᠦᠩᠰᠢᠭᠤᠷ ᠳ᠋ᠣᠯᠯᠠᠷ ᠢ᠋ ᠳᠠᠪᠠᠭᠰᠠᠨ ᠳᠡᠯᠡᠬᠡᠢ ᠶ᠋ᠢᠨ ᠲᠠᠪᠤᠨ ᠵᠠᠭᠤᠨ ᠰᠢᠯᠢᠳᠡᠭ ᠠᠵᠤ ᠠᠬᠤᠢᠯᠠᠯ ᠤ᠋ᠨ ᠨᠢᠭᠡ ᠪᠣᠯᠤᠭᠰᠠᠨ ᠪᠠᠢᠨ᠎ᠠ᠃ ᠠᠮᠢᠳᠤᠷᠠᠯ ᠭᠡᠳᠡᠭ ᠪᠣᠯ ᠢᠲᠡᠭᠡᠯ ᠲᠡᠢ ᠬᠥᠮᠦᠰ ᠦ᠋ᠨ ᠦᠷᠭᠦᠯᠵᠢᠯᠡᠯ᠂ ᠡᠢᠮᠦ ᠡᠴᠡ ᠨᠢᠭᠡ ᠬᠦᠴᠢᠷᠳᠡᠯ ᠳ᠋ᠦ᠍ ᠲᠤᠯᠭᠠᠷᠠᠬᠤ ᠦᠶᠡᠰ ᠪᠢᠳᠡ ᠡᠭᠦᠨ ᠢ᠋ ᠰᠢᠢᠳᠪᠦᠷᠢᠯᠡᠬᠦ ᠠᠷᠭ᠎ᠠ ᠪᠤᠶᠤ ᠪᠤᠰᠤᠳ ᠰᠣᠩᠭᠣᠯᠲᠠ ᠶ᠋ᠢ ᠡᠷᠢᠬᠦ ᠶᠣᠰᠣᠲᠠᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ