1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠳᠤᠯᠬᠤᠢ ᠴᠡᠩᠭᠡᠯ- ᠬᠡᠷᠡᠢᠳ ᠮᠥᠩᠬᠡᠨᠠᠰᠤᠨДогдлохуй цэнгэл-Хэрэйд Мөнхнасан

ᠲᠣᠬᠳᠤᠯᠬᠤᠢ ᠴᠡᠩᠭᠡᠯ- ᠬᠡᠷᠡᠢᠳ ᠮᠥᠩᠬᠡᠨᠠᠰᠤᠨДогдлохуй цэнгэл-Хэрэйд Мөнхнасан

2025-03-16

495

ᠲᠣᠬᠳᠤᠯᠬᠤᠢ ᠴᠡᠩᠭᠡᠯ

   ᠵᠣᠬᠢᠶᠠᠭᠴᠢ᠄ ᠬᠡᠢᠷᠡᠳ ᠮᠥᠩᠬᠡᠨᠠᠰᠤᠨ 
   ᠤᠶᠠᠩᠭᠠᠯᠠᠭᠴᠢ᠄ ᠭᠡᠭᠡᠨᠲ᠋ᠣᠯᠢ 

ᠮᠤᠨᠳᠠᠭᠠᠨ ᠳᠡᠭᠡᠷ᠎ᠡ ᠰᠡᠯᠡᠮ᠎ᠡ ᠠᠳᠬᠤᠨ 
ᠲᠡᠭᠷᠢ ᠶ᠋ᠢᠨ ᠵᠠᠷᠯᠢᠭ ᠢ᠋ᠶ᠋ᠠᠷ ᠲᠣᠬᠳᠤᠯᠬᠣᠢ 
ᠮᠣᠷᠢᠨ ᠲᠤᠭᠤᠷᠠᠢ ᠬᠥᠷᠥᠰᠥ ᠬᠠᠭᠠᠯᠤᠨ 
ᠭᠠᠵᠠᠷ ᠤ᠋ᠨ ᠵᠣᠷᠢᠭ ᠢ᠋ᠶ᠋ᠠᠷ ᠲᠣᠬᠳᠣᠯᠬᠣᠢ 

ᠳᠡᠷ᠎ᠡ ᠶ᠋ᠢᠨ ᠳᠡᠭᠡᠷ᠎ᠡ ᠰᠡᠳᠬᠢᠯ ᠢ᠋ᠶ᠋ᠡᠷ ᠪᠣᠷᠣᠭᠠᠯᠠᠵᠤ 
ᠦᠨᠡᠨ ᠳᠤᠷᠠᠯᠠᠯ ᠢ᠋ᠶ᠋ᠠᠷ ᠲᠣᠬᠳᠤᠯᠬᠤᠢ 
ᠲᠡᠪᠴᠢᠬᠦ ᠨᠤᠢᠷᠥᠨ ᠳ᠋ᠦ᠍ ᠪᠡᠨ ᠤᠷᠤᠭᠤᠯ ᠣᠮᠣᠯᠵᠠᠨ 
ᠡᠵᠢ ᠪᠡᠨ ᠰᠠᠨᠠᠨ ᠲᠣᠬᠳᠤᠯᠬᠤᠢ 

ᠡᠷᠬᠡᠰ ᠪᠡᠯᠭᠡ ᠶ᠋ᠢ ᠲᠠᠨᠢ ᠴᠣᠭᠴᠠᠰ ᠢ᠋ᠶ᠋ᠠᠷ ᠮᠡᠳᠡᠷᠡᠨ 
ᠨᠢᠳᠦ ᠠᠨᠢᠨ ᠲᠣᠬᠳᠤᠯᠬᠣᠢ 
ᠡᠮᠵᠡᠭ ᠪᠦᠬᠦᠨ ᠢ᠋ᠶ᠋ᠡᠨ ᠬᠠᠢᠷ᠎ᠠ ᠪᠠᠷ ᠠᠷᠢᠭᠤᠰᠬᠠᠵᠤ 
ᠨᠢᠯᠬᠠᠷᠠᠵᠤ ᠬᠠᠨᠤᠮᠰᠢᠨ ᠲᠣᠬᠳᠤᠯᠬᠤᠢ 

ᠦᠢᠯᠡᠰ ᠦ᠋ᠨ ᠥᠨᠳᠥᠷ ᠲᠦ ᠰᠠᠯᠬᠢ ᠲᠠᠲᠠᠭᠤᠯᠤᠨ 
ᠰᠣᠯᠣᠩᠭᠠᠨ ᠥᠩᠭᠡ ᠪᠡᠷ ᠲᠣᠬᠳᠤᠯᠬᠤᠢ
ᠬᠦᠰᠡᠯ ᠦ᠋ᠨ ᠲᠡᠭᠷᠢ ᠳ᠋ᠦ᠍ ᠰᠦ ᠪᠡᠷ ᠲᠠᠪᠠᠷᠠᠨ
ᠰᠣᠳᠣᠨ ᠮᠦᠰᠢᠶᠡᠯ ᠢ᠋ᠶ᠋ᠡᠷ ᠲᠣᠬᠳᠤᠯᠬᠤᠢ

ᠠᠭᠠᠷ ᠰᠠᠯᠬᠢ ᠪᠠᠨ ᠠᠢᠷᠠᠭ ᠲᠠᠢ ᠵᠠᠯᠭᠢᠯᠠᠵᠤ
ᠠᠶᠤᠤᠯᠢᠬᠠᠢ ᠲᠡᠨᠢᠢᠨ ᠲᠣᠬᠳᠤᠯᠬᠣᠢ
ᠠᠯᠲᠠᠨ ᠨᠤᠲᠤᠭ ᠲᠤ᠌ ᠪᠠᠨ ᠬᠤᠷ᠎ᠠ ᠰᠢᠭ᠋ ᠱᠠᠭᠢᠵᠤ 
ᠠᠰᠠᠨ ᠳᠦᠷᠡᠯᠵᠡᠨ ᠲᠣᠬᠳᠤᠯᠬᠤᠢ

ᠬᠠᠷᠠᠩᠭᠤᠢ ᠳᠤᠮᠳᠠ ᠰᠣᠯᠣᠩᠭ᠎ᠠ ᠡᠪᠦᠷᠲᠦᠯᠡᠨ 
ᠭᠡᠷᠡᠯ ᠡᠴᠡ ᠭᠠᠳᠠᠨ᠎ᠠ ᠲᠣᠬᠳᠤᠯᠬᠤᠢ
ᠬᠠᠯᠠᠭᠤᠨ ᠤᠷᠤᠭᠤᠯ ᠳ᠋ᠤ᠌ ᠵᠢᠷᠦᠬᠡ ᠬᠠᠢᠯᠤᠨ 
ᠦᠶᠡᠷᠬᠡᠯ ᠦ᠋ᠨ ᠳᠣᠲᠣᠷ᠎ᠠ ᠲᠣᠬᠳᠤᠯᠬᠤᠢ

ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠰᠦᠨ ᠪᠠᠢᠵᠤ 
ᠡᠬᠡ ᠶ᠋ᠢᠨ ᠵᠢᠷᠭᠠᠯ ᠢ᠋ᠶ᠋ᠠᠷ ᠲᠣᠬᠳᠤᠯᠬᠤᠢ
ᠥᠩᠭᠡᠷᠡᠬᠦ ᠮᠥᠴᠡᠳ ᠢ᠋ ᠪᠠᠶᠠᠰᠤᠯ ᠳ᠋ᠤ᠌ ᠳᠠᠭᠤᠳᠠᠨ
ᠡᠩᠬᠡ ᠶ᠋ᠢᠨ ᠲᠤᠤᠨᠢᠯ ᠢ᠋ᠶ᠋ᠠᠷ ᠲᠣᠬᠳᠤᠯᠬᠤᠢ

ᠣᠯᠵᠤ ᠠᠯᠳᠠᠬᠤ ᠶ᠋ᠢᠨ ᠲᠡᠩᠨᠡᠭᠦᠷ ᠡᠴᠡ 
ᠣᠩᠭᠣᠨ ᠬᠡᠢᠮᠦᠷᠢ ᠲᠡᠢ ᠲᠣᠬᠳᠤᠯᠬᠤᠢ
ᠥᠭᠰᠥᠵᠦ ᠤᠷᠤᠭᠤᠳᠠᠬᠤ ᠶ᠋ᠢᠨ ᠵᠠᠢ ᠪᠠᠷ 
ᠥᠯᠮᠡᠢ ᠲᠡᠨᠢᠭᠦᠨ ᠲᠣᠬᠳᠤᠯᠬᠤᠢ

   ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠤᠨ
   ᠦᠰᠥᠭ ᠬᠠᠲᠠᠭᠴᠢ᠄ ᠥᠯᠵᠡᠢᠪᠠᠭᠠᠲᠤᠷ
   ᠬᠢᠨᠠᠭᠴᠢ᠄ ᠣᠳᠬᠠᠨᠰᠣ᠎ᠠ