ᠡᠷᠢᠶᠡᠨ ᠨᠠᠭᠤᠷ ᠭᠠᠩᠡᠷᠳᠡᠨᠢЭрээн нуур-Ган-ЭрдэнEreen nuur-Gan-Erden
ᠡᠷᠢᠶᠡᠨ ᠨᠠᠭᠤᠷ
ᠦᠭᠡ᠄ ᠪ· ᡀᠠᠭᠪᠢᠰᠦ᠋ᠷᠦᠭ
ᠠᠶ᠎ᠠ᠄ ᠲᠡᠷᠡᠪᠢᠰᠢ
ᠳᠠᠭᠤᠴᠢᠨ᠄ ᠭᠠᠩᠡᠷᠳᠡᠨᠢ
ᠴᠡᠯᠮᠡᠭ ᠲᠩᠷᠢ ᠥᠩᠭᠡ ᠪᠡᠷ ᠢ᠋ᠶ᠋ᠡᠨ ᠰᠦᠯᠡᠭᠡᠳ
ᠴᠡᠭᠡᠯ ᠦ᠋ᠨ ᠵᠢᠭᠠᠰᠤ ᠥᠷᠲᠡᠭᠡᠯᠡᠨ ᠨᠠᠭᠠᠳᠤᠭᠰᠠᠨ
ᠴᠡᠯᠡᠯᠵᠡᠬᠦ ᠮᠠᠨᠳᠠᠯ ᠨᠢ ᠮᠥᠩᠭᠦᠷᠦᠨ ᠪᠢᠳᠠᠷᠲᠦᠭᠡᠳ
ᠴᠠᠩ ᠤ᠋ᠨ ᠨᠡᠭᠦᠳᠡᠯ ᠬᠣᠷᠭᠣᠳᠠᠨ ᠴᠢᠭᠤᠯᠤᠭᠰᠠᠨ
ᠠᠯᠳᠠᠷᠠᠨ ᠰᠢᠷᠭᠠᠯᠳᠤᠬᠤ ᠡᠯᠡᠰᠦ ᠨᠢ ᠵᠢᠮᠪᠦᠷᠳᠡᠬᠦ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠠᠯᠲᠠᠨ ᠭᠣᠪᠢ ᠶ᠋ᠢᠨ ᠪᠤᠶᠠᠨ ᠪᠢᠯᠬᠠᠭᠠᠭᠰᠠᠨ
ᠠᠮᠠᠰᠠᠷ ᠳᠦᠭᠦᠷᠡᠩ ᠵᠠᠪᠢᠶ᠎ᠠ ᠤᠤ ᠳ᠋ᠠ ᠬᠥ
ᠡᠷᠲᠡᠴᠢ ᠠᠳᠤᠭᠤᠴᠢᠨ ᠤᠷᠭ᠎ᠠ ᠪᠠᠷ ᠢ᠋ᠶ᠋ᠠᠨ ᠳᠠᠢᠯᠠᠭᠠᠳ
ᠡᠷᠳᠡᠨᠢᠲᠦ ᠰᠥᠷᠦᠭ ᠦᠳ ᠤᠮᠳᠠᠭᠠᠯᠠᠨ ᠨᠠᠯᠠᠢᠭᠰᠠᠨ
ᠢᠳᠡᠷ ᠵᠠᠯᠠᠭᠤᠰ ᠤᠴᠠᠷᠠᠨ ᠵᠢᠷᠭᠠᠭᠠᠳ
ᠢᠨᠢᠶᠡᠳᠦ ᠪᠠᠶᠠᠰᠤᠯ ᠳ᠋ᠤ᠌ ᠤᠮᠪᠠᠨ ᠬᠥᠭᠵᠢᠯᠳᠦᠭᠰᠡᠨ
ᠠᠯᠳᠠᠷᠠᠨ ᠰᠢᠷᠭᠠᠯᠳᠤᠬᠤ ᠡᠯᠡᠰᠦ ᠨᠢ ᠵᠦᠮᠪᠦᠷᠳᠡᠬᠦ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠲᠤᠨᠤᠮᠠᠯ ᠲᠩᠷᠢ ᠶ᠋ᠢ ᠳᠤᠯᠢᠳᠠᠨ ᠲᠠᠯᠮᠢᠶᠠᠷᠠᠭᠰᠠᠨ
ᠲᠤᠩᠭᠠᠯᠠᠭ ᠬᠠᠷᠠᠬᠠᠨ ᠮᠡᠯᠮᠡᠢ ᠦᠦ ᠲᠠ ᠬᠥ
ᠰᠡᠪᠰᠢᠶ᠎ᠡ ᠰᠠᠯᠬᠢ ᠨᠢ ᠡᠯᠡᠰᠦ ᠬᠦᠯᠦᠭᠯᠡᠭᠡᠳ
ᠰᠡᠷᠪᠡᠭᠡᠲᠦ ᠮᠠᠩᠬᠠᠨ ᠤᠷᠠᠯᠠᠨ ᠥᠨᠳᠥᠷᠯᠡᠭᠰᠡᠨ
ᠴᠤᠯᠢᠭᠢᠷ ᠤ᠋ᠨ ᠰᠣᠭᠰᠣᠷᠭᠠ ᠰᠢᠭᠤᠢᠷᠠᠨ ᠨᠠᠢᠭᠤᠭᠠᠳ
ᠰᠡᠳᠬᠢᠯ ᠳ᠋ᠦ᠍ ᠴᠠᠮᠢᠨ ᠦᠵᠡᠮᠵᠢ ᠪᠡᠨ ᠭᠠᠢᠬᠠᠭᠤᠯᠤᠭᠰᠠᠨ
ᠠᠯᠳᠠᠷᠠᠨ ᠰᠢᠷᠭᠠᠯᠳᠤᠬᠤ ᠡᠯᠡᠰᠦ ᠨᠢ ᠵᠦᠮᠪᠦᠷᠳᠡᠬᠦ
ᠠᠷᠢᠭᠤᠬᠠᠨ ᠳᠥᠯᠭᠡᠨ ᠡᠷᠢᠶᠡᠨ ᠨᠠᠭᠤᠷ ᠠ᠋
ᠮᠢᠨᠦ ᠨᠤᠲᠤᠭ ᠤ᠋ᠨ ᠰᠦᠯᠳᠡ ᠳ᠋ᠦ᠍ ᠡᠷᠭᠦᠭᠰᠡᠨ
ᠮᠡᠨᠳᠦ ᠶ᠋ᠢᠨ ᠴᠡᠩᠬᠡᠷ ᠬᠠᠳᠠᠭ ᠶᠤᠮ ᠳ᠋ᠠ ᠬᠥ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ᠄ ᠪᠦᠷᠢᠨᠵᠢᠷᠭᠠᠯ
ᠬᠢᠨᠠᠭᠴᠢ᠄ ᠡᠷᠳᠡᠨᠢᠪᠢᠯᠢᠭ· ᠢᠷᠡᠭᠡᠳᠦᠢ· ᠣᠳᠬᠤᠩᠬᠣᠸᠠᠷ
