ᠡᠮ᠎ᠡ ᠵᠠᠮᠪᠠ Эм жамба Em jamba
ᠡᠮ᠎ᠡ ᠵᠠᠮᠪᠠ
ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠡᠯᠢᠭᠡᠨ ᠪᠤᠷᠴᠠᠭ ᠤ᠋ᠨ ᠬᠠᠲᠠᠭᠠᠭᠰᠠᠨ ᠪᠣᠯᠪᠠᠰᠣᠷᠠᠮᠠᠯ ᠵᠢᠮᠢᠰ ᠮᠥᠨ᠃ ᠪᠠᠰᠠ ᠴᠢᠨᠪᠢᠱᠣᠱᠠ᠂ ᠸᠠᠺᠠᠯᠮᠥ᠋ᠭ᠌ᠪᠤ ᠭᠡᠳᠡᠭ᠃
[ ᠤᠤᠯ ᠤᠷᠭᠤᠮᠠᠯ] ᠮᠥᠩᠬᠡ ᠨᠣᠭᠣᠭᠠᠨ ᠲᠡᠩᠰᠡᠯᠢᠭ ᠤᠷᠭᠤᠮᠠᠯ᠃ ᠬᠣᠶᠠᠷᠳᠠᠭᠰᠠᠨ ᠥᠳᠥᠯᠢᠭ ᠨᠡᠢᠯᠡᠮᠡᠯ ᠨᠠᠪᠴᠢ ᠲᠠᠢ᠂ ᠨᠠᠪᠴᠢᠨ ᠲᠡᠩᠭᠡᠯᠢᠭ ᠦ᠋ᠨ ᠣᠷᠣᠢ ᠳᠤᠨᠢ ᠣᠷᠢᠶᠠᠩᠭᠤ ᠲᠠᠢ᠂ ᠥᠳᠥᠯᠢᠭ ᠢᠯᠲᠠᠰᠤ ᠨᠢ4~6᠂ ᠲᠤᠰ ᠪᠦᠷᠢ6~8 ᠵᠢᠵᠢᠭ ᠨᠠᠪᠴᠢ ᠲᠠᠢ᠃ ᠵᠢᠵᠢᠭ ᠨᠠᠪᠴᠢ ᠨᠢ ᠵᠤᠤᠪᠠᠩᠯᠢᠭ ᠳᠥᠷᠪᠡᠯᠵᠢᠨ ᠬᠡᠯᠪᠡᠷᠢ ᠲᠡᠢ᠂3~8᠂5cm ᠤᠷᠲᠤ᠂1·5~4cm ᠥᠷᠭᠡᠨ᠂ ᠬᠣᠶᠠᠷ ᠬᠠᠵᠠᠭᠤ ᠨᠢ ᠲᠡᠩᠴᠡᠭᠦᠦ ᠦᠭᠡᠢ᠂ ᠲᠣᠭᠣᠷᠢᠭ ᠦᠵᠦᠭᠦᠷ ᠲᠡᠢ᠂ ᠱᠠᠭᠠᠨᠲᠠᠭ ᠤᠭ ᠲᠠᠢ᠂ ᠬᠥᠳᠦᠰᠦᠯᠢᠭ᠃ ᠴᠡᠴᠡᠭ ᠨᠢ ᠰᠢᠷ᠎ᠠ ᠥᠩᠭᠡ ᠲᠡᠢ᠂ ᠠᠩᠬᠢᠯᠤᠮᠠᠯ ᠦᠨᠦᠷ ᠲᠡᠢ᠂ ᠲᠦᠷᠦᠭᠦᠦ ᠬᠡᠯᠪᠡᠷᠢᠲᠦ ᠪᠠᠭ ᠴᠡᠴᠡᠭ ᠨᠢ ᠨᠠᠪᠴᠢᠨ ᠤ᠋ ᠥᠪᠥᠷ ᠲᠦ ᠤᠷᠭᠤᠬᠤ ᠪᠤᠶᠤ ᠱᠣᠷᠣᠯᠵᠢᠨ ᠬᠡᠯᠪᠡᠷᠢ ᠲᠡᠢ ᠪᠠᠢᠷᠢᠯᠠᠨ᠎ᠠ᠃ ᠪᠠᠭᠯᠠᠭᠴᠢ ᠢᠯᠲᠠᠰᠤ ᠨᠢ ᠪᠦᠰᠡᠯᠢᠭ᠂ ᠭᠠᠳᠠᠷ ᠨᠢ ᠣᠬᠣᠷ ᠵᠥᠭᠡᠯᠡᠨ ᠦᠰᠦ ᠲᠡᠢ᠃ ᠴᠡᠴᠡᠭ ᠦ᠋ᠨ ᠲᠣᠭᠲᠣᠢ ᠨᠢ ᠥᠷᠭᠡᠨ ᠬᠤᠩᠬ᠎ᠠ ᠬᠡᠯᠪᠡᠷᠢ ᠲᠡᠢ᠂5 ᠬᠡᠷᠴᠢᠶᠡᠰᠦ ᠲᠡᠢ᠂2mm ᠣᠷᠴᠢᠮ ᠤᠷᠲᠤ᠃ ᠡᠷ᠎ᠡ ᠲᠣᠭᠣᠷᠴᠣᠭ ᠨᠢ10᠂ ᠳᠣᠬᠢᠭᠤᠷ ᠨᠢ ᠰᠢᠷᠬᠡᠭᠯᠢᠭ᠃ ᠤᠮᠠᠢ ᠨᠢ ᠣᠬᠣᠷ ᠪᠠᠷᠢᠭᠤᠯ ᠲᠠᠢ᠂ ᠴᠡᠴᠡᠭ ᠦ᠋ᠨ ᠪᠠᠭᠠᠨ᠎ᠠ ᠨᠢ ᠰᠢᠷᠬᠡᠭᠯᠢᠭ᠂ ᠪᠠᠭᠠᠨ᠎ᠠ ᠶ᠋ᠢᠨ ᠠᠮᠠᠰᠠᠷ ᠨᠢ ᠬᠣᠲᠣᠭᠣᠷ᠂ ᠪᠤᠷᠴᠠᠭ ᠵᠢᠮᠢᠰ ᠨᠢ ᠬᠠᠪᠲᠠᠭᠠᠢ ᠮᠣᠳᠣᠯᠢᠭ᠂ ᠦᠰᠦ ᠦᠭᠡᠢ᠂30~100cm ᠤᠷᠲᠤ᠂8~12cm ᠥᠷᠭᠡᠨ᠂10~30 ᠦᠶ᠎ᠡ ᠲᠡᠢ᠂ ᠦᠶ᠎ᠡ ᠪᠦᠷᠢ ᠳᠤᠨᠢ ᠮᠥᠬᠥᠯᠢᠭ ᠦᠷ᠎ᠡ ᠲᠡᠢ᠃ ᠦᠷ᠎ᠡ ᠨᠢ ᠬᠠᠪᠲᠠᠭᠠᠢ ᠲᠣᠭᠣᠷᠢᠭ ᠰᠢᠭ᠋᠂ ᠮᠣᠳᠣᠯᠢᠭ᠂ ᠳ᠋ᠢᠶᠠᠮᠧᠲ᠋ᠷ ᠨᠢ4~5cm᠃3~4 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂8 ᠳ᠋ᠤᠭᠠᠷ ᠰᠠᠷ᠎ᠠ ᠶ᠋ᠢᠨ ᠰᠡᠭᠦᠯᠴᠢ ᠪᠡᠷ ᠪᠣᠯᠪᠠᠰᠤᠷᠠᠨ᠎ᠠ᠃
[ ᠤᠷᠭᠤᠬᠤ ᠣᠷᠴᠢᠨ ᠬᠢᠭᠡᠳ ᠲᠠᠷᠬᠠᠴᠠ] ᠪᠤᠲᠠ ᠰᠥᠭᠡᠭ ᠳᠤᠮᠳᠠ᠂ ᠠᠭᠤᠯᠠᠨ ᠬᠠᠵᠠᠭᠤ ᠪᠠᠷ ᠤᠷᠭᠤᠨ᠎ᠠ᠃ ᠲᠠᠢᠸᠠᠨ᠂ ᠭᠣᠸᠠᠩᠳᠥ᠋ᠩ᠂ ᠭᠤᠸᠠᠩᠰᠢ᠂ ᠶᠦᠨᠨᠠᠨ᠂ ᠲᠥᠪᠡᠳ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠤ᠋ᠨ ᠤᠯᠠᠷᠢᠯ ᠳ᠋ᠤ᠌ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ ᠬᠠᠲᠠᠭᠠᠭᠠᠳ ᠦᠷ᠎ᠡ ᠶ᠋ᠢ ᠨᠢ ᠢᠯᠭᠠᠵᠤ ᠠᠪᠤᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠡᠬᠡᠭᠦᠨ ᠠᠮᠲᠠ ᠲᠠᠢ᠃ ᠲᠡᠭᠰᠢ ᠴᠢᠨᠠᠷ ᠲᠠᠢ᠂ ᠬᠥᠩᠭᠡᠨ᠂ ᠬᠠᠭᠤᠷᠠᠢ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠡᠯᠢᠭᠡᠨ ᠬᠠᠯᠠᠭᠤᠨ ᠢ᠋ ᠠᠷᠢᠯᠭᠠᠬᠤ᠂ ᠬᠤᠤᠷ ᠢ᠋ ᠲᠠᠢᠯᠬᠤ᠂ ᠡᠪᠡᠳᠬᠦ ᠶ᠋ᠢ ᠵᠣᠭᠰᠣᠭᠠᠬᠤ᠂ ᠲᠠᠲᠠᠪᠠᠯᠵᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠡᠯᠢᠭᠡᠨ ᠬᠠᠯᠠᠭᠤᠨ᠂ ᠡᠯᠢᠭᠡ ᠡᠪᠡᠳᠬᠦ᠂ ᠤᠰᠤᠨ ᠬᠠᠪᠤᠩ᠂ ᠴᠠᠭᠠᠨ ᠰᠤᠳᠠᠯ ᠤ᠋ᠨ ᠡᠪᠡᠳᠴᠢᠨ᠂ ᠭᠡᠳᠡᠰᠦ ᠡᠪᠡᠳᠴᠦ ᠪᠥᠭᠡᠯᠵᠢᠵᠦ ᠰᠠᠭᠤᠯᠭᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄木腰子(榼藤)
ᠠᠩᠭ᠌ᠯᠢ ᠨᠡᠷ᠎ᠡ᠄Entada phaseoLoides (L.)Merr.
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠤᠶᠠᠭ᠎ᠠ