ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 28 Нэгэн ном тавцан үн өдөр үн тэмдэглэлээс – 28
ᠣᠨ ᠵᠢᠯ ᠤᠯᠠᠷᠢᠵᠤ ᠯᠠ ᠪᠠᠢᠯ᠎ᠠ᠃ ᠡᠨᠡ ᠬᠣᠭᠣᠷᠣᠨᠳᠣ ᠡᠮᠡᠭᠲᠡᠢ ᠶ᠋ᠢᠨ ᠭᠡᠷ ᠲᠦ᠍ ᠣᠯᠠᠨ ᠰᠣᠨᠢᠨ ᠤᠴᠢᠷ ᠭᠠᠷᠤᠭᠰᠠᠨ ᠶᠤᠮ ᠪᠠᠢᠨ᠎ᠠ᠃ ᠡᠪᠦᠯ ᠪᠣᠯᠬᠤ ᠦᠶ᠎ᠡ ᠪᠡᠷ ᠦᠷᠭᠦᠯᠵᠢ ᠡᠭᠦᠳᠡᠨ ᠡᠮᠦᠨᠡᠬᠢ ᠭᠠᠵᠠᠷ ᠲᠤ ᠨᠢ ᠵᠢᠭᠠᠰᠤ ᠪᠤᠶᠤ ᠡᠰᠡᠬᠦᠯ᠎ᠡ ᠪᠤᠰᠤᠳ ᠪᠣᠳᠠᠰ ᠲᠠᠯᠪᠢᠴᠢᠬᠠᠭᠰᠠᠨ ᠪᠠᠢᠳᠠᠭ᠃ ᠠᠩᠬ᠎ᠠ ᠡᠬᠢᠯᠡᠭᠡᠳ ᠲᠡᠷᠡ ᠡᠮᠡᠭᠲᠡᠢ ᠠᠯᠢ ᠠᠢᠯ ᠤ᠋ᠨ ᠬᠢᠨᠢ ᠬᠡᠦᠬᠡᠳ ᠨᠠᠳᠠ ᠲᠠᠢ ᠨᠠᠭᠠᠳᠤᠮ ᠬᠢᠵᠦ ᠪᠠᠢᠬᠤ ᠪᠣᠢ? ᠭᠡᠵᠦ ᠪᠣᠳᠣᠵᠤ ᠪᠠᠢᠭᠰᠠᠨ ᠢ᠋ᠶ᠋ᠠᠨ ᠡᠨᠡ ᠪᠠᠢᠳᠠᠯ ᠣᠯᠠᠨ ᠵᠢᠯ ᠦᠷᠭᠦᠯᠵᠢᠯᠡᠬᠦ ᠳ᠋ᠦ᠍ ᠮᠠᠰᠢ ᠶᠡᠬᠡ ᠭᠠᠢᠬᠠᠰᠢᠷᠠᠭᠰᠠᠨ ᠪᠠᠢᠨ᠎ᠠ᠃ ᠨᠢᠭᠡ ᠡᠳᠦᠷ ᠡᠨᠡ ᠡᠮᠡᠭᠲᠡᠢ ᠭᠡᠷ ᠦ᠋ᠨ ᠴᠣᠩᠬᠣ ᠪᠠᠷ ᠢ᠋ᠶ᠋ᠠᠨ ᠬᠠᠷᠠᠵᠤ ᠪᠠᠢᠬᠤ ᠳ᠋ᠤ᠌ ᠨᠥᠭᠦᠭᠡ ᠮᠤᠤᠷ ᠨᠢᠭᠡ ᠵᠢᠭᠠᠰᠤ ᠶ᠋ᠢ ᠡᠭᠦᠳᠡᠨ ᠳ᠋ᠦ᠍ᠨᠢ ᠠᠪᠴᠢᠷᠠᠵᠤ ᠬᠠᠶᠠᠭᠠᠳ ᠪᠠᠬᠠᠨ ᠬᠦᠯᠢᠶᠡᠵᠦ ᠰᠠᠭᠤᠭᠠᠳ ᠶᠠᠪᠤᠭᠰᠠᠨ ᠭᠡᠨ᠎ᠡ᠃
ᠡᠨᠡᠬᠦ ᠦᠯᠢᠭᠡᠷ ᠢ᠋ ᠪᠢ ᠠᠩᠬ᠎ᠠ ᠦᠵᠡᠭᠡᠳ ᠨᠢᠯᠪᠤᠰᠤ ᠤᠨᠠᠭᠠᠵᠤ ᠥᠩᠭᠡᠷᠡᠭᠰᠡᠨ ᠶᠦᠮ᠃ ᠲᠠ ᠪᠦᠬᠦᠨ ᠳ᠋ᠦ᠍ ᠶᠠᠭᠤ ᠨᠢᠭᠡ ᠶ᠋ᠢ ᠰᠡᠳᠬᠢᠭᠦᠯᠦᠭᠰᠡᠨ ᠤᠤ?
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ