ᠠᠷᠭ᠎ᠠ ᠦᠭᠡᠢ ᠠᠮᠠᠷᠠᠭ ᠢ᠋᠁ - ᠫᠤᠩᠰᠣᠭ ᠤ᠋ᠨ ᠪᠠᠳᠢᠷᠴᠢ Аргагүй амрагийг᠁ - Пунсагийн Бадарч
ᠠᠷᠭ᠎ᠠ ᠦᠭᠡᠢ ᠠᠮᠠᠷᠠᠭ ᠢ᠋᠁
ᠠᠯᠳᠠᠷᠠᠰᠬᠢᠬᠰᠠᠨ ᠰᠡᠳᠬᠢᠯ ᠮᠢᠨᠢ ᠨᠠᠮᠤᠷ ᠤ᠋ᠨ ᠲᠩᠷᠢ ᠰᠢᠷᠲᠡᠬᠦᠢ
ᠪᠣᠲᠣᠭᠣ ᠲᠣᠷᠣᠮ ᠲᠠᠢ ᠣᠯᠠᠨ ᠴᠠᠭᠠᠨ ᠲᠡᠮᠡᠭᠡᠳ ᠰᠢᠭ ᠡᠭᠦᠯᠡ ᠪᠡᠯᠴᠢᠵᠦ
ᠪᠣᠳᠣᠯ ᠤ᠋ᠨ ᠦᠵᠦᠭᠦᠷ ᠲᠦ᠍ ᠬᠣᠩᠭᠣᠷ ᠮᠢᠨᠢ ᠴᠢ ᠡᠳᠦᠷ ᠦ᠋ᠨ ᠣᠳᠣ ᠰᠢᠭ᠋ ᠣᠯᠳᠠᠨ᠎ᠠ
ᠠᠨᠢᠰᠬ᠎ᠠ ᠨᠡᠢᠯᠡᠬᠦ ᠲᠡᠳᠦᠢᠬᠡᠨ ᠳ᠋ᠦ᠍ ᠯᠡ ᠬᠠᠷᠠᠭᠠᠨ ᠠ᠋ᠴᠠ ᠠᠯᠳᠠᠭᠤᠷᠠᠴᠤ ᠪᠣᠯᠬᠤ
ᠠᠯᠤᠰ ᠲᠩᠷᠢ ᠡᠴᠡ ᠣᠯᠤᠭᠰᠠᠨ ᠭᠠᠭᠴᠠᠬᠠᠨ ᠴᠠᠭᠠᠨ ᠰᠤᠪᠤᠳ ᠮᠢᠨᠢ
ᠨᠡᠭᠦᠳᠡᠯ ᠨᠡᠭᠦᠳᠡᠯ ᠡᠭᠦᠯᠡᠨ ᠴᠢᠨᠠᠳᠤ ᠪᠠᠷ᠎ᠠ ᠴᠢᠨᠢ ᠲᠠᠰᠤᠷᠠᠴᠢᠬᠠᠬᠤ ᠪᠣᠢ ᠭᠡᠵᠦ
ᠨᠢᠳᠦ ᠪᠡᠨ ᠴᠠᠪᠴᠢᠬᠤ ᠠ᠋ᠴᠠ ᠴᠤ᠌ ᠦᠨᠡᠨ ᠳ᠋ᠡᠭᠡᠨ ᠪᠢ ᠠᠶᠤᠵᠤ ᠯᠠ ᠶᠠᠪᠤᠨ᠎ᠠ ᠰᠢᠦ
ᠡᠭᠡᠮ ᠦ᠋ᠨ ᠳᠡᠭᠡᠷ᠎ᠡ ᠪᠡᠨ ᠤᠷᠤᠰᠬᠤ ᠬᠢᠯ ᠬᠠᠷᠠᠬᠠᠨ ᠦᠰᠦᠨ ᠳ᠋ᠦ᠍ ᠴᠢᠨᠢ
ᠡᠭᠡᠭᠡ ᠯᠡ ᠵᠡᠪᠡ ᠰᠢᠭ ᠬᠥᠪᠬᠦ ᠤᠷᠤᠭᠤᠯ ᠮᠢᠨᠢ ᠡᠪᠯᠡᠵᠦ ᠶᠠᠳᠠᠨ᠎ᠠ
ᠦᠭᠡ ᠪᠡᠨ ᠣᠯᠬᠤ ᠦᠭᠡᠢ ᠵᠢᠷᠦᠬᠡ ᠮᠢᠨᠢ ᠵᠢᠷᠭᠠᠯ ᠳ᠋ᠠᠭᠠᠨ ᠲᠠᠰᠢᠭᠤᠷᠠᠨ ᠳᠠᠨᠳᠤᠴᠢᠵᠦ
ᠦᠷ ᠦ᠋ᠨ ᠲᠤᠶᠠᠭ᠎ᠠ ᠲᠠᠢ ᠵᠣᠯᠭᠠᠭᠰᠠᠨ ᠲᠡᠷᠡ ᠰᠥᠨᠢ ᠶ᠋ᠢ ᠰᠠᠨᠠᠵᠤ ᠪᠠᠢᠨ᠎ᠠ
ᠰᠠᠢᠬᠠᠨ ᠦᠨᠦᠷ ᠴᠢᠨᠢ ᠴᠠᠭᠠᠨ ᠰᠠᠷᠠᠨᠠᠢ ᠶ᠋ᠢᠨ ᠬᠢ ᠪᠠᠢᠭᠰᠠᠨ
ᠰᠠᠨᠠᠭ᠎ᠠ ᠠᠯᠳᠠᠬᠤ ᠴᠢᠨᠢ ᠶᠠᠲᠤᠭ᠎ᠠ ᠶ᠋ᠢᠨ ᠰᠣᠯᠣᠭᠠᠢ ᠡᠬᠡᠰᠢᠭ ᠪᠠᠢᠭᠰᠠᠨ
ᠰᠠᠯᠤᠯᠲᠠ ᠵᠥᠩᠨᠡᠬᠦ ᠬᠠᠷ᠎ᠠ ᠨᠢᠳᠦ ᠴᠢᠨᠢ ᠨᠣᠢᠲᠠᠨ ᠰᠣᠷᠮᠤᠤᠰᠤ ᠲᠠᠢ ᠪᠠᠢᠭᠰᠠᠨ ᠠ᠋
ᠰᠠᠷᠬᠤᠳ ᠰᠢᠭ᠋ ᠬᠠᠢᠷᠠᠨ ᠳ᠋ᠠᠭᠠᠨ ᠪᠢᠳᠡ ᠬᠣᠶᠠᠷ ᠱᠠᠯ ᠰᠣᠭᠲᠣᠭᠤ ᠪᠠᠢᠭᠰᠠᠨ ᠠ᠋
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ