ᠮᠣᠩᠭᠣᠯ ᠬᠤᠭᠤᠷ ᠤ᠋ᠨ ᠦᠯᠢᠭᠡᠷ ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(3) Монгол хуурын үлгэрийн хэвшсэн хэллэг – Ренчиндорж᠂Хувьт найруулав - Өмнөх үг -3
ᠡᠮᠦᠨᠡᠬᠢ ᠦᠭᠡ - ᠭᠤᠷᠪᠠ
ᠮᠣᠩᠭᠣᠯ ᠬᠤᠭᠤᠷ ᠤ᠋ᠨ ᠦᠯᠢᠭᠡᠷ ᠨᠢ ᠥᠪᠡᠷᠦᠨ ᠬᠥᠭᠵᠢᠯ ᠦ᠋ᠨ ᠶᠠᠪᠤᠴᠠ ᠳ᠋ᠠᠭᠠᠨ ᠲᠥᠯᠥᠪᠵᠢᠨ ᠲᠣᠭᠲᠠᠪᠤᠷᠢᠵᠢᠭᠠᠳ᠂ ᠥᠷᠭᠡᠨ ᠣᠯᠠᠨ ᠰᠣᠨᠣᠰᠤᠭᠴᠢᠳ ᠤ᠋ᠨ ᠳᠤᠷ᠎ᠠ ᠪᠠᠬᠠᠷᠬᠠᠯ ᠢ᠋ ᠲᠠᠲᠠᠭᠰᠠᠨ ᠨᠢ ᠲᠡᠭᠦᠨ ᠦ᠌ ᠤᠷᠠᠯᠢᠭ ᠤ᠋ᠨ ᠨᠥᠯᠥᠭᠡᠯᠡᠬᠦ ᠬᠦᠴᠦᠨ ᠴᠢᠳᠠᠯ ᠲᠠᠢ ᠰᠢᠭᠤᠳ ᠬᠣᠯᠪᠣᠭ᠎ᠠ ᠲᠠᠢ ᠶᠤᠮ᠃ ᠡᠭᠦᠨ ᠢ᠋ ᠪᠢᠳᠡ ᠲᠤᠰᠬᠠᠢ ᠥᠭᠦᠯᠡᠯ ᠪᠢᠴᠢᠬᠦ ᠭᠡᠵᠦ ᠦᠭᠡᠢ ᠲᠤᠯᠠ ᠳᠡᠯᠭᠡᠷᠡᠭᠦᠯᠵᠦ ᠬᠡᠯᠡᠬᠦ ᠶ᠋ᠢᠨ ᠠᠷᠭ᠎ᠠ ᠦᠭᠡᠢ᠃ ᠭᠡᠲᠡᠯ᠎ᠡ ᠮᠠᠨ ᠤ᠋ ᠡᠨᠡ ᠡᠮᠬᠢᠳᠬᠡᠯ ᠲᠡᠢ ᠨᠢᠭᠲᠠ ᠬᠣᠯᠪᠣᠭᠳᠠᠯ ᠲᠠᠢ ᠤᠴᠢᠷ ᠠ᠋ᠴᠠ ᠬᠤᠭᠤᠷ ᠤ᠋ᠨ ᠦᠯᠢᠭᠡᠷ ᠤᠨ ᠵᠠᠷᠢᠮ ᠳᠣᠪᠣᠢᠮ᠎ᠠ ᠣᠨᠴᠠᠯᠢᠭ ᠢ᠋ ᠵᠤᠷᠪᠤᠰᠯᠠᠨ ᠳᠤᠷᠠᠳᠬᠤ ᠴᠢᠬᠤᠯᠠ ᠲᠠᠢ ᠶᠤᠮ᠃
ᠶᠠᠭᠤᠨ ᠤ᠋ ᠡᠮᠦᠨ᠎ᠡ ᠬᠤᠭᠤᠷ ᠤ᠋ᠨ ᠦᠯᠢᠭᠡᠷ ᠢ᠋ ᠬᠡᠯᠡᠨ ᠦ᠌ ᠤᠷᠠᠨ᠂ ᠬᠥᠭᠵᠢᠮ ᠤᠨ ᠢᠷᠠᠭᠤ ᠵᠢᠴᠢ ᠬᠤᠭᠤᠷᠴᠢᠨ ᠤ᠋ ᠳᠦᠷᠰᠦᠯᠡᠯ ᠤᠶᠠᠯᠳᠤᠭᠰᠠᠨ ᠵᠦᠴᠦᠭᠡᠯᠢᠭ ᠴᠢᠨᠠᠷᠲᠠᠢ ᠶᠡᠷᠦᠩᠬᠡᠢᠯᠡᠭᠰᠡᠨ᠂ ᠤᠷᠠᠯᠢᠭ ᠭᠡᠵᠦ ᠪᠣᠯᠬᠤ ᠶᠤᠮ᠃ ᠶᠤᠸᠠᠨ ᠤᠯᠤᠰ ᠤ᠋ᠨ ᠦᠶ᠎ᠡ ᠳ᠋ᠦ᠍ ᠮᠣᠩᠭᠣᠯ ᠢᠵᠠᠭᠤᠷᠲᠠᠨ ᠪᠠ ᠨᠣᠶᠠᠷᠬᠠᠴᠢᠳ ᠨᠡᠢᠰᠯᠡᠯ ᠬᠣᠲᠠ ᠪᠠ ᠳᠣᠲᠣᠷ᠎ᠠ ᠭᠠᠵᠠᠷ ᠨᠣᠶᠠᠨ ᠰᠠᠭᠤᠵᠤ᠂ ᠳᠡᠭᠡᠳᠦ ᠳᠠᠪᠠᠬᠤᠷᠭᠠ ᠶ᠋ᠢᠨ ᠰᠣᠶᠣᠯ ᠤ᠋ᠨ ᠠᠮᠢᠳᠤᠷᠠᠯ ᠢ᠋ ᠬᠢᠬᠦ ᠳ᠋ᠡᠭᠡᠨ ᠰᠢ ᠵᠦᠴᠦᠭᠡ ᠦᠵᠡᠵᠦ ᠰᠣᠨᠢᠷᠬᠠᠵᠤ ᠪᠠᠢᠭᠰᠠᠨ ᠪᠣᠯᠪᠠᠴᠤ ᠡᠨᠡᠬᠦ ᠤᠷᠠᠯᠢᠭ ᠤ᠋ᠨ ᠬᠡᠯᠪᠡᠷᠢ ᠨᠢ ᠥᠷᠭᠡᠨ ᠠᠭᠤᠳᠠᠮ ᠲᠠᠯ᠎ᠠ ᠨᠤᠲᠤᠭ ᠲᠤ᠌ ᠳᠡᠯᠭᠡᠷᠡᠭᠡ ᠦᠭᠡᠢ᠃ ᠨᠡᠩ ᠬᠣᠵᠢᠮ ᠨᠢ ᠪᠣᠯᠵᠤ ᠢᠷᠡᠭᠡᠳ ᠶᠤᠸᠠᠨ ᠤᠯᠤᠰ ᠮᠥᠬᠥᠵᠦ ᠠᠷᠤ ᠭᠠᠵᠠᠷ ᠲᠡᠢᠨ ᠳᠠᠵᠢᠨ ᠣᠯᠠᠳᠠᠭᠰᠠᠨ ᠠ᠋ᠴᠠ ᠠᠷᠠᠳ ᠲᠦᠮᠡᠨ ᠡᠩᠬᠡ ᠲᠠᠢᠪᠤᠩ ᠠᠮᠢᠳᠤᠷᠠᠯ ᠤ᠋ᠨ ᠣᠷᠴᠢᠨ ᠢ᠋ᠶ᠋ᠠᠨ ᠠᠯᠳᠠᠭᠰᠠᠨ ᠲᠤᠯᠠ ᠰᠢ ᠵᠦᠴᠦᠭᠡ ᠬᠥᠭᠵᠢᠭᠦᠯᠬᠦ ᠨᠥᠬᠥᠴᠡᠯ᠂ ᠪᠣᠯᠤᠯᠴᠠᠭ᠎ᠠ ᠦᠭᠡᠢ ᠪᠣᠯᠵᠠᠢ᠃ ᠡᠢᠮᠦᠷᠬᠦ ᠣᠨᠴᠣᠭᠣᠢ ᠲᠡᠦᠬᠡᠲᠦ ᠨᠥᠬᠥᠴᠡᠯ ᠦ᠋ᠨ ᠳᠣᠣᠷ᠎ᠠ ᠪᠤᠰᠤᠳ ᠬᠡᠯᠪᠡᠷᠢ ᠶ᠋ᠢᠨ ᠤᠷᠠᠨ ᠵᠣᠬᠢᠶᠠᠯ ᠤ᠋ᠨ ᠬᠦᠴᠡᠳᠬᠡᠵᠦ ᠴᠢᠳᠠᠰᠢ ᠦᠭᠡᠢ ᠡᠭᠦᠷᠭᠡ ᠶ᠋ᠢ ᠬᠤᠭᠤᠷᠴᠢ ᠴᠤᠭᠤᠷᠴᠢ ᠨᠠᠷ ᠬᠦᠯᠢᠶᠡᠵᠦ ᠲᠤᠤᠯᠢ ᠶ᠋ᠢᠨ ᠦᠯᠢᠭᠡᠷ ᠪᠤᠶᠤ ᠴᠢᠨᠠᠭᠰᠢᠯᠠᠭᠠᠳ ᠬᠤᠭᠤᠷ ᠤ᠋ᠨ ᠦᠯᠢᠭᠡᠷ ᠢ᠋ ᠪᠦᠲᠦᠭᠡᠵᠦ᠂ ᠬᠥᠭᠵᠢᠭᠦᠯᠦᠭᠡᠳ ᠶᠠᠷᠢᠬᠤ᠂ ᠳᠠᠭᠤᠯᠠᠬᠤ ᠳᠦᠷᠰᠦᠯᠡᠨ ᠲᠣᠭᠯᠠᠬᠤ ᠤᠶᠠᠩᠭᠠᠯᠠᠨ ᠬᠦᠦᠷᠨᠢᠬᠦ ᠵᠡᠷᠭᠡ ᠤᠷᠠᠯᠢᠭ ᠤ᠋ᠨ ᠠᠷᠭ᠎ᠠ ᠪᠠᠷᠢᠯ ᠢ᠋ ᠭᠠᠭᠴᠠ ᠬᠤᠭᠤᠷᠴᠢ (ᠴᠤᠭᠤᠷᠴᠢ) ᠳᠡᠭᠡᠷ᠎ᠡ ᠲᠥᠪᠯᠡᠷᠡᠭᠦᠯᠦᠭᠡᠳ ᠬᠤᠭᠤᠷ ᠤ᠋ᠨ ᠦᠯᠢᠭᠡᠷ ᠢ᠋ ᠶᠡᠷᠦᠩᠬᠡᠢᠯᠡᠭᠰᠡᠨ ᠴᠢᠨᠠᠷᠲᠠᠢ᠂ ᠤᠷᠠᠯᠢᠭ ᠤ᠋ᠨ ᠬᠡᠯᠪᠡᠷᠢ ᠪᠣᠯᠭᠠᠨ ᠬᠥᠭᠵᠢᠭᠦᠯᠵᠡᠢ᠃ ᠢᠩᠭᠢᠭᠰᠡᠨ ᠡᠴᠡ ᠬᠤᠭᠤᠷ ᠤ᠋ᠨ ᠦᠯᠢᠭᠡᠷ ᠨᠢ ᠲᠡᠦᠬᠡᠲᠦ ᠦᠶ᠎ᠡ ᠪᠦᠷᠢ ᠶ᠋ᠢᠨ ᠠᠷᠠᠳ ᠣᠯᠠᠨ ᠤ᠋ ᠬᠦᠰᠡᠯ ᠱᠠᠭᠠᠷᠳᠠᠯᠭ᠎ᠠ ᠶ᠋ᠢ ᠳᠤᠰᠬᠠᠵᠤ᠂ ᠠᠷᠠᠳ ᠣᠯᠠᠨ ᠤ᠋ ᠭᠤᠸ᠎ᠠ ᠲᠠᠭᠠᠰᠢᠶᠠᠯ ᠤ᠋ᠨ ᠡᠭᠦᠳᠡᠨ ᠡᠴᠡ ᠨᠠᠷᠢᠯᠢᠭ᠍ᠵᠢᠨ ᠲᠡᠭᠦᠯᠳᠡᠷᠵᠢᠭᠡᠳ ᠥᠪᠡᠷᠮᠢᠴᠡ ᠣᠨᠴᠠᠯᠢᠭ ᠪᠦᠬᠦᠢ ᠤᠷᠠᠯᠢᠭ ᠤ᠋ᠨ ᠢᠷᠠᠭᠤ ᠴᠡᠴᠡᠭ ᠪᠣᠯᠤᠭᠰᠠᠨ ᠪᠠᠢᠨ᠎ᠠ᠃
ᠲᠠᠲᠠᠯᠠᠪᠠᠯ ᠂ ᠬᠤᠭᠤᠷ ᠤ᠋ᠨ ᠦᠯᠢᠭᠡᠷ ᠤᠨ ᠬᠥᠮᠦᠰ ᠤᠨ ᠤᠷᠮ᠎ᠠ ᠶ᠋ᠢ ᠲᠠᠲᠠᠳᠠᠭ ᠪᠠᠰᠠ ᠨᠢᠭᠡ ᠣᠨᠴᠠᠯᠢᠭ ᠭᠡᠪᠡᠯ ᠦᠯᠢᠭᠡᠷᠯᠢᠭ ᠴᠢᠨᠠᠷ ᠢ᠋ᠶ᠋ᠠᠷ ᠴᠢᠩᠭ᠎ᠠ ᠪᠠᠢᠬᠤ ᠳ᠋ᠤ᠌ ᠣᠷᠣᠰᠢᠨ᠎ᠠ᠃ ᠬᠤᠭᠤᠷ ᠤ᠋ᠨ ᠦᠯᠢᠭᠡᠷ ᠨᠢ ᠰᠣᠨᠣᠰᠤᠭᠴᠢ ᠶ᠋ᠢ ᠲᠠᠲᠠᠬᠤ ᠬᠡᠷᠡᠭᠴᠡᠭᠡᠨ ᠡᠴᠡ ᠪᠣᠯᠵᠤ ᠦᠯᠢᠭᠡᠷ ᠦ᠋ᠨ ᠦᠢᠯᠡ ᠶᠠᠪᠤᠳᠠᠯ ᠢ᠋ᠶ᠋ᠠᠨ ᠮᠤᠷᠤᠢ ᠰᠠᠷᠤᠢ ᠬᠥᠭᠵᠢᠭᠦᠯᠵᠦ᠂ ᠪᠠᠶᠠᠷ ᠵᠢᠷᠭᠠᠯ᠂ ᠡᠮᠭᠡᠨᠢᠯ ᠵᠣᠪᠠᠯᠠᠩ᠂ ᠨᠠᠮ ᠲᠣᠭᠲᠠᠭᠤᠨ᠂ ᠦᠢᠮᠡᠭᠡᠨ ᠳᠡᠪᠵᠢᠶᠡᠨ᠂ ᠠᠮᠤᠷᠵᠢᠭᠤᠨ ᠲᠠᠢᠪᠤᠩ᠂ ᠪᠠᠢᠯᠳᠤᠭᠠᠨ ᠲᠤᠯᠤᠯᠳᠤᠭᠠᠨ᠂ ᠴᠢᠩᠭ᠎ᠠ ᠨᠢᠮᠪᠠᠢ᠂ ᠢᠨᠢᠶᠡᠳᠦᠮ ᠱᠣᠭ ᠵᠡᠷᠭᠡ ᠬᠡᠷᠡᠭ ᠵᠠᠪᠤᠳᠠᠯ ᠢ᠋ ᠵᠣᠬᠢᠮᠵᠢᠲᠠᠢ ᠪᠠᠷ ᠲᠡᠩᠨᠡᠭᠦᠯᠵᠦ ᠰᠣᠯᠪᠢᠴᠠᠭᠤᠯᠤᠨ ᠬᠡᠷᠡᠭᠯᠡᠵᠦ ᠦᠯᠢᠭᠡᠷ ᠦ᠋ᠨ ᠵᠣᠬᠢᠶᠠᠮᠵᠢ ᠶ᠋ᠢᠨ ᠬᠥᠭᠵᠢᠯᠲᠡ ᠪᠡᠨ ᠲᠣᠬᠢᠷᠠᠭᠤᠯᠵᠤ᠂ ᠵᠣᠬᠢᠶᠠᠯ ᠤ᠋ᠨ ᠪᠦᠲᠦᠴᠡ ᠪᠡᠨ ᠪᠠᠢᠷᠢᠰᠢᠭᠤᠯᠳᠠᠭ᠃ ᠡᠨᠡ ᠨᠢ ᠬᠥᠮᠦᠰ ᠲᠦ᠍ ᠲᠠᠯ᠎ᠠ ᠲᠠᠯ᠎ᠠ ᠶ᠋ᠢᠨ ᠭᠤᠸ᠎ᠠ ᠰᠠᠢᠬᠠᠨ ᠤ᠋ ᠬᠦᠷᠲᠡᠭᠡᠯ ᠣᠯᠭᠣᠵᠤ ᠰᠣᠨᠣᠰᠤᠭᠴᠢ ᠶ᠋ᠢᠨ ᠰᠡᠳᠬᠢᠯ ᠦ᠋ᠨ ᠬᠥᠪᠴᠢ ᠶ᠋ᠢ ᠴᠢᠪᠬᠠᠳᠠᠨ᠂ ᠰᠣᠨᠣᠰᠤᠭᠴᠢᠳ ᠤ᠋ᠨ ᠰᠡᠳᠬᠢᠯ ᠦ᠋ᠨ ᠬᠥᠭ ᠲᠡᠢ ᠬᠠᠮᠰᠠᠭᠤᠯᠵᠤ᠂ ᠤᠷᠠᠯᠢᠭ ᠤ᠋ᠨ ᠨᠥᠯᠥᠭᠡᠯᠡᠬᠦ ᠬᠦᠴᠦ ᠪᠡᠨ ᠪᠠᠳᠠᠷᠠᠭᠤᠯᠳᠠᠭ᠃ ᠢᠩᠭᠢᠵᠦ ᠦᠯᠢᠭᠡᠷ ᠤᠨ ᠶᠠᠪᠤᠴᠠ ᠪᠠᠨ ᠮᠤᠷᠤᠢ ᠰᠠᠷᠤᠢ᠂ ᠳᠠᠪᠠᠯᠭᠠᠨ ᠳᠣᠯᠭᠢᠶᠠᠨ ᠲᠠᠢ ᠬᠥᠭᠵᠢᠭᠦᠯᠬᠦ ᠳ᠋ᠡᠭᠡᠨ ᠡᠩ ᠶᠡᠷᠦᠮᠳᠡᠭ ᠢ᠋ᠶ᠋ᠡᠷ ᠬᠦᠦᠷᠨᠢᠨ ᠲᠣᠭᠠᠴᠢᠬᠤ ᠪᠢᠰᠢ᠂ ᠬᠠᠷᠢᠨ ᠠᠮᠢᠳᠤ ᠳᠦᠷᠰᠦᠯᠢᠭ᠂ ᠡᠰᠡᠬᠦᠯ᠎ᠡ ᠬᠣᠱᠣᠩ ᠶᠦᠮᠦᠷᠯᠢᠭ᠂ ᠡᠰᠡᠬᠦᠯ᠎ᠡ ᠤᠶᠠᠩᠭ᠎ᠠ ᠰᠡᠳᠬᠢᠯᠯᠢᠭ᠂ ᠡᠰᠡᠬᠦᠯ᠎ᠡ ᠭᠦᠨ ᠤᠬᠠᠭᠠᠯᠢᠭ᠁ ᠵᠡᠷᠭᠡ ᠵᠦᠢᠯ ᠪᠦᠷᠢ ᠶ᠋ᠢᠨ ᠢᠷᠠᠭᠤ ᠰᠠᠢᠬᠠᠨ᠂ ᠰᠣᠷᠭᠣᠭ ᠬᠦᠴᠦᠯᠢᠭ ᠬᠡᠯᠡᠯᠭᠡ ᠪᠡᠷ ᠦᠢᠯᠡ ᠶᠠᠪᠤᠳᠠᠯ ᠪᠤᠶᠤ ᠤᠷᠠᠨ ᠰᠠᠨᠠᠭ᠎ᠠ ᠪᠠᠨ ᠢᠯᠭᠤᠮ ᠲᠣᠳᠣ ᠭᠦᠨ ᠬᠥᠨᠵᠡᠭᠡᠢ ᠢᠯᠡᠷᠡᠭᠦᠯᠳᠡᠭ᠃ ᠡᠢᠮᠦ ᠡᠴᠡ ᠬᠥᠮᠦᠰ ᠦᠯᠢᠭᠡᠷ ᠰᠣᠨᠣᠰᠬᠤ ᠲᠠᠢ ᠵᠡᠷᠭᠡ ᠰᠠᠯᠬᠤ ᠶᠢ ᠬᠦᠰᠡᠬᠦ ᠦᠭᠡᠢ ᠮᠥᠷᠲᠡᠭᠡᠨ ᠨᠢᠭᠡ ᠰᠣᠨᠣᠰᠤᠭᠰᠠᠨ ᠦᠯᠢᠭᠡᠷ ᠢ᠋ᠶ᠋ᠡᠨ ᠳᠠᠬᠢᠵᠤ ᠰᠣᠨᠣᠰᠬᠤ ᠳ᠋ᠤ᠌ ᠴᠤ᠌《ᠬᠠᠭᠤᠴᠢᠷᠠᠭᠰᠠᠨ》 ᠲᠥᠷᠥᠭᠳᠡᠯ ᠣᠷᠣᠬᠤ ᠦᠭᠡᠢ ᠪᠠᠢᠳᠠᠭ᠃
ᠳᠠᠷᠠᠭᠠᠯᠠᠪᠠᠯ ᠂ ᠬᠤᠭᠤᠷ ᠤ᠋ᠨ ᠦᠯᠢᠭᠡᠷ ᠪᠣᠯ ᠨᠡᠷ᠎ᠡ ᠨᠢᠳᠡᠷ ᠲᠡᠭᠡᠨ ᠲᠣᠬᠢᠷᠠᠭᠰᠠᠨ ᠦᠯᠢᠭᠡᠷ ᠲᠤᠯᠠ ᠡᠨᠡᠬᠦ ᠦᠯᠢᠭᠡᠷ ᠨᠢ ᠵᠠᠪᠠᠯ ᠬᠥᠮᠦᠨ ᠦ᠌ ᠦᠯᠢᠭᠡᠷ ᠪᠣᠯᠬᠤ ᠶᠣᠰᠣᠲᠠᠢ᠃ ᠲᠡᠢᠮᠦ ᠡᠴᠡ ᠬᠤᠭᠤᠷ ᠤ᠋ᠨ ᠦᠯᠢᠭᠡᠷ ᠨᠢ ᠵᠣᠬᠢᠶᠠᠯ ᠤ᠋ᠨ ᠪᠠᠭᠠᠲᠤᠷ ᠪᠣᠯᠬᠤ ᠬᠥᠮᠦᠨ ᠦ᠌ ᠳᠦᠷᠢ ᠶ᠋ᠢ ᠪᠦᠲᠦᠭᠡᠬᠦ ᠳ᠋ᠦ᠍ ᠢᠯᠭᠤᠮ ᠲᠣᠳᠣ ᠪᠠᠢᠬᠤ ᠶ᠋ᠢ ᠱᠠᠭᠠᠷᠳᠠᠬᠤ ᠪᠥᠭᠡᠳ ᠡᠨᠡᠬᠦ ᠳᠦᠷᠢ ᠨᠢ ᠪᠣᠳᠠᠲᠤ ᠠᠮᠢᠳᠤᠷᠠᠯ ᠳ᠋ᠠᠬᠢ ᠲᠠᠯ᠎ᠠ ᠲᠠᠯ᠎ᠠ ᠶ᠋ᠢ ᠠᠮᠢᠳᠤ ᠳᠦᠷᠢ ᠪᠠᠢᠬᠤ ᠶ᠋ᠢ ᠡᠷᠬᠢᠮᠯᠡᠳᠡᠭ ᠶᠦᠮ᠃ ᠢᠩᠭᠢᠮᠡᠨᠵᠢᠨ ᠰᠠᠶᠢ ᠥᠷᠭᠡᠨ ᠣᠯᠠᠨ ᠰᠣᠨᠣᠰᠤᠭᠴᠢᠳ ᠤ᠋ᠨ ᠬᠦᠰᠡᠯ ᠪᠣᠳᠣᠯ ᠲᠠᠢ ᠬᠥᠭ ᠬᠠᠮᠰᠠᠵᠤ᠂ ᠤᠷᠠᠯᠢᠭ ᠤ᠋ᠨ ᠨᠥᠯᠥᠭᠡᠯᠡᠬᠦ ᠬᠦᠴᠦ ᠪᠡᠨ ᠪᠠᠳᠠᠷᠠᠭᠤᠯᠵᠤ᠂ ᠬᠥᠮᠦᠰ ᠤᠨ ᠰᠣᠨᠢᠷᠬᠠᠯ ᠢ᠋ ᠲᠠᠲᠠᠵᠤ ᠴᠢᠳᠠᠬᠤ ᠶᠤᠮ᠃ ᠡᠢᠮᠦ ᠡᠴᠡ ᠬᠤᠭᠤᠷ ᠤ᠋ᠨ ᠦᠯᠢᠭᠡᠷ ᠲᠡᠬᠢ ᠵᠣᠬᠢᠶᠠᠯ ᠤ᠋ᠨ ᠪᠠᠭᠠᠲᠤᠷ ᠪᠣᠯ ᠴᠥᠮ ᠢᠯᠭᠤᠮ ᠲᠣᠳᠣ ᠵᠠᠩ ᠴᠢᠨᠠᠷ ᠲᠠᠢ᠂ ᠪᠣᠳᠠᠲᠤ ᠠᠮᠢᠳᠤᠷᠠᠯ ᠠ᠋ᠴᠠ ᠡᠰᠢ ᠠᠪᠤᠭᠰᠠᠨ ᠠᠮᠢᠳᠤᠯᠢᠭ ᠳᠦᠷᠢ ᠶᠦᠮ᠃
ᠡᠨᠡ ᠮᠡᠲᠦ ᠶ᠋ᠢᠨ ᠬᠥᠮᠦᠰ ᠦ᠋ᠨ ᠰᠡᠳᠬᠢᠯ ᠵᠢᠷᠦᠬᠡᠨ ᠳ᠋ᠦ᠍ ᠰᠠᠭᠤᠭᠳᠠᠬᠤ ᠠᠮᠢᠳᠤᠯᠢᠭ ᠰᠠᠢᠬᠠᠨ ᠢᠯᠭᠤᠮ ᠲᠣᠳᠣ ᠳᠦᠷᠢ ᠶ᠋ᠢ ᠪᠦᠲᠦᠭᠡᠬᠦ ᠳ᠋ᠦ᠍ ᠬᠤᠭᠤᠷᠴᠢ ᠨᠠᠷ ᠤᠷᠠᠯᠢᠭ ᠠᠪᠢᠶᠠᠰ ᠴᠢᠳᠠᠪᠤᠷᠢ ᠪᠠᠨ ᠭᠠᠷᠭᠠᠵᠤ ᠵᠦᠢᠯ ᠪᠦᠷᠢ ᠶ᠋ᠢᠨ ᠠᠷᠭ᠎ᠠ ᠠᠪᠴᠢᠯ ᠢ᠋ ᠠᠪᠳᠠᠭ᠃ ᠴᠢᠬᠤᠯᠠ ᠬᠡᠳᠦ ᠡᠴᠡ ᠳᠤᠷᠠᠳᠪᠠᠯ᠄
ᠨᠢᠭᠡ ᠳ᠋ᠦ᠍ : ᠬᠠᠵᠠᠭᠤ ᠠ᠋ᠴᠠ ᠲᠠᠨᠢᠯᠴᠠᠭᠤᠯᠬᠤ ᠠᠷᠭ᠎ᠠ᠃ ᠦᠯᠢᠭᠡᠷ ᠲᠦ᠍ ᠭᠠᠷᠳᠠᠭ ᠵᠣᠬᠢᠶᠠᠯ ᠤ᠋ᠨ ᠪᠠᠭᠠᠲᠤᠷ ᠢ᠋ᠶ᠋ᠠᠨ ᠲᠠᠨᠢᠯᠴᠠᠭᠤᠯᠤᠨ ᠳᠦᠷᠰᠦᠯᠡᠬᠦ ᠪᠣᠯ ᠬᠤᠭᠤᠷᠴᠢ ᠨᠠᠷ ᠤ᠋ᠨ ᠦᠷᠭᠦᠯᠵᠢ ᠬᠡᠷᠡᠭᠯᠡᠳᠡᠭ ᠠᠷᠭ᠎ᠠ ᠪᠣᠯᠤᠨ᠎ᠠ᠃ ᠲᠡᠳᠡ ᠵᠣᠬᠢᠶᠠᠯ ᠤ᠋ᠨ ᠪᠠᠭᠠᠲᠤᠷ ᠢ᠋ᠶ᠋ᠠᠨ ᠲᠣᠬᠢᠷᠠᠮᠵᠢ ᠲᠠᠢ ᠦᠶ᠎ᠡ ᠳ᠋ᠦ᠍ ᠰᠢᠭᠦᠮᠵᠢᠯᠡᠨ ᠲᠠᠨᠢᠯᠴᠠᠭᠤᠯᠵᠤ ᠲᠡᠳᠡᠨᠡᠷ ᠤᠨ ᠵᠠᠩ ᠴᠢᠨᠠᠷ ᠢ ᠰᠣᠨᠣᠰᠤᠭᠴᠢ ᠶ᠋ᠢᠨ ᠡᠮᠦᠨ᠎ᠡ ᠳᠤᠷᠠᠢᠯᠭᠠᠳᠠᠭ᠃ ᠵᠢᠱ᠌ᠢᠶᠡᠯᠡᠪᠡᠯ᠂ ᠬᠣᠪᠳᠣᠭ ᠰᠢᠨᠤᠬᠠᠢ ᠬᠥᠮᠦᠨ ᠢ᠋ ᠳᠦᠷᠰᠦᠯᠡᠨ ᠲᠠᠨᠢᠯᠴᠠᠭᠤᠯᠬᠤ ᠳ᠋ᠠᠭᠠᠨ :《ᠴᠠᠭᠠᠨ ᠢᠰᠡᠭᠡᠢ ᠳᠡᠭᠡᠷ᠎ᠡ ᠴᠢᠰᠤ ᠳᠤᠰᠤᠯᠠᠬᠤ ᠳ᠋ᠤ᠌ ᠱᠥᠯᠥ ᠴᠦ᠍ ᠶᠦᠮ ᠤᠤ᠂ ᠬᠠᠢᠷᠠᠬᠠᠨ ᠶᠠᠭᠤᠮ᠎ᠠ ᠭᠡᠳ ᠱᠠᠯᠠᠪ ᠳᠣᠯᠣᠭᠣᠭᠠᠳ ᠠᠪᠴᠢᠬᠠᠳᠠᠭ᠂ ᠴᠠᠭᠠᠨ ᠶᠠᠰᠤ ᠦᠨ᠎ᠡ ᠬᠦᠷᠦᠨ᠎ᠡ ᠭᠡᠪᠡᠯ ᠴᠡᠯ ᠪᠤᠭᠤᠷᠤᠯ ᠡᠴᠢᠭᠡ ᠶ᠋ᠢᠨ ᠢ᠋ᠶ᠋ᠡᠨ ᠬᠡᠭᠦᠷ ᠢ᠋ ᠠᠭᠤᠳᠠᠯᠠᠵᠤ ᠬᠤᠳᠠᠯᠳᠤᠴᠢᠬᠠᠳᠠᠭ 》 ᠭᠡᠵᠦ ᠳᠦᠷᠰᠦᠯᠡᠭᠡᠳ ᠬᠣᠪᠳᠣᠭᠯᠠᠨ ᠰᠢᠨᠤᠭᠴᠢ ᠮᠠᠭᠤ ᠬᠥᠮᠦᠨ ᠢ᠋ ᠶᠠᠰᠤᠨ ᠳ᠋ᠤᠨᠢ ᠣᠷᠣᠲᠠᠯ᠎ᠠ ᠶᠥᠭᠡᠳᠡᠵᠦ ᠰᠣᠨᠣᠰᠤᠭᠴᠢᠳ ᠲᠤ᠌ ᠭᠦᠨ ᠭᠦᠨᠵᠡᠭᠡᠢ ᠰᠠᠭᠤᠭᠳᠠᠯ ᠥᠭᠳᠡᠭ᠃
ᠬᠣᠶᠠᠷ ᠲᠤ᠌᠂ ᠲᠥᠷᠬᠦ ᠪᠠᠢᠳᠠᠯ ᠢ᠋ ᠳᠦᠷᠰᠦᠯᠡᠬᠦ ᠠᠷᠭ᠎ᠠ᠃ ᠬᠤᠭᠤᠷᠴᠢ ᠨᠠᠷ᠂ ᠡᠷᠲᠡᠨ ᠦ᠌ ᠵᠣᠬᠢᠶᠠᠯ ᠤ᠋ᠨ ᠤᠯᠠᠮᠵᠢᠯᠠᠯ ᠪᠠ ᠬᠢᠲᠠᠳ ᠰᠢ ᠵᠦᠴᠦᠭᠡ ᠶ᠋ᠢᠨ ᠵᠢᠰᠦᠮ ᠤᠨ ᠠᠷᠭ᠎ᠠ ᠶ᠋ᠢ ᠠᠪᠴᠤ ᠵᠣᠬᠢᠶᠠᠯ ᠤ᠋ᠨ ᠪᠠᠭᠠᠲᠤᠷ ᠤ᠋ᠨ ᠭᠠᠳᠠᠷ ᠪᠠᠢᠳᠠᠯ ᠢ ᠴᠢᠳᠠᠮᠠᠭᠠᠢ ᠳᠦᠷᠰᠦᠯᠡᠵᠦ ᠲᠡᠭᠦᠨ ᠦ᠌ ᠵᠠᠩ ᠴᠢᠨᠠᠷ ᠵᠡᠷᠭᠡ ᠶ᠋ᠢ ᠢᠯᠡᠷᠡᠭᠦᠯᠳᠡᠭ᠃ ᠵᠢᠱ᠌ᠢᠶᠡᠯᠡᠪᠡᠯ᠂ ᠮᠠᠭᠤ ᠬᠠᠷᠭᠢᠰ ᠬᠥᠮᠦᠨ ᠢ᠋ ᠳᠦᠷᠰᠦᠯᠡᠬᠦ ᠳ᠋ᠡᠭᠡᠨ᠄《ᠮᠠᠯᠠᠭᠠᠢ ᠡᠮᠦᠰᠦᠭᠡᠳ ᠲᠣᠭᠲᠠᠬᠤ ᠦᠭᠡᠢ᠂ ᠮᠠᠩᠨᠠᠢ ᠶ᠋ᠢᠨ ᠶᠠᠰᠤ ᠨᠢ ᠭᠤᠷᠪᠠᠯᠵᠢᠨ/ ᠮᠠᠩᠨᠤᠭ ᠡᠮᠦᠰᠦᠭᠡᠳ ᠵᠣᠬᠢᠷᠠᠬᠤ ᠦᠭᠡᠢ᠂ ᠮᠥᠷᠥ ᠳᠠᠯᠤ ᠨᠢ ᠱᠤᠪᠲᠤᠭᠤᠷ/ ᠮᠠᠬᠠᠢ ᠡᠮᠦᠰᠦᠭᠡᠳ ᠲᠣᠬᠢᠷᠠᠬᠤ ᠦᠭᠡᠢ᠂ ᠰᠢᠯᠪᠢ ᠪᠡᠷ ᠢ᠋ᠶ᠋ᠡᠨ ᠲᠢᠲᠢᠭᠡᠷ᠁ 》 ᠭᠡᠵᠦ ᠮᠠᠭᠤᠰᠢᠶᠠᠨ ᠬᠡᠯᠡᠳᠡᠭ᠃ ᠭᠡᠲᠡᠯ᠎ᠡ ᠰᠠᠢᠨ ᠬᠥᠮᠦᠨ ᠢ᠋ ᠪᠣᠯ ᠴᠠᠭᠠᠨ ᠭᠡᠭᠡᠨ ᠲᠥᠷᠥᠭᠰᠡᠨ ᠪᠤᠶᠤ ᠬᠦᠳᠡᠷ ᠰᠦᠷᠯᠢᠭ ᠪᠠᠢᠳᠠᠯ ᠲᠠᠢ ᠪᠠᠷ ᠳᠦᠷᠰᠦᠯᠡᠵᠦ ᠂ ᠰᠣᠨᠣᠰᠤᠭᠴᠢᠳ ᠤ᠋ᠨ ᠰᠡᠳᠬᠢᠴᠡ ᠶ᠋ᠢᠨ ᠲᠠᠯ᠎ᠠ ᠶ᠋ᠢᠨ ᠲᠠᠭᠠᠰᠢᠶᠠᠯ ᠢ᠋ ᠲᠠᠲᠠᠵᠤ᠂ ᠤᠷᠮ᠎ᠠ ᠰᠡᠳᠬᠢᠯ ᠢ᠋ ᠨᠢ ᠬᠥᠭᠵᠢᠭᠡᠳᠡᠭ ᠃
ᠭᠤᠷᠪᠠ ᠳ᠋ᠤ᠌᠂ ᠦᠢᠯᠡ ᠠᠵᠢᠯᠯᠠᠭ᠎ᠠ ᠪᠠᠷ ᠨᠢ ᠳᠦᠷᠰᠦᠯᠡᠬᠦ ᠠᠷᠭ᠎ᠠ᠃ ᠬᠤᠭᠤᠷᠴᠢ ᠨᠠᠷ ᠦᠯᠢᠭᠡᠷ ᠦ᠋ᠨ ᠪᠠᠭᠠᠲᠤᠷ ᠢ᠋ᠶ᠋ᠠᠨ ᠳᠦᠷᠰᠦᠯᠡᠬᠦ ᠳ᠋ᠡᠭᠡᠨ ᠳᠡᠭᠡᠷᠡᠬᠢ ᠬᠡᠯᠡᠭᠰᠡᠨ ᠬᠣᠶᠠᠷ ᠠᠷᠭ᠎ᠠ ᠠ᠋ᠴᠠ ᠭᠠᠳᠠᠨ᠎ᠠ ᠪᠠᠰᠠ ᠦᠢᠯᠡ ᠠᠵᠢᠯᠯᠠᠭ᠎ᠠ ᠪᠠᠷ ᠵᠣᠬᠢᠶᠠᠯ ᠤ᠋ᠨ ᠪᠠᠭᠠᠲᠤᠷ ᠤ᠋ᠨ ᠢ᠋ᠶ᠋ᠠᠨ ᠵᠠᠩ ᠴᠢᠨᠠᠷ ᠢ᠋ ᠢᠯᠡᠷᠡᠭᠦᠯᠬᠦ ᠳᠡᠭᠡᠷ᠎ᠡ ᠭᠣᠣᠯ ᠬᠦᠴᠦ ᠪᠡᠨ ᠲᠠᠯᠪᠢᠳᠠᠭ᠃ ᠤᠴᠢᠷ ᠨᠢ᠂ ᠦᠯᠢᠭᠡᠷ ᠪᠣᠯ ᠦᠢᠯᠡ ᠶᠠᠪᠤᠳᠠᠯ ᠤ᠋ᠨ ᠬᠥᠭᠵᠢᠯᠲᠡ ᠪᠡᠷ ᠪᠦᠷᠢᠯᠳᠦᠳᠡᠭ ᠪᠥᠭᠡᠳ ᠦᠯᠠ ᠶᠠᠪᠤᠳᠠᠯ ᠤ᠋ᠨ ᠬᠥᠭᠵᠢᠯᠲᠡ ᠨᠢ ᠵᠠᠪᠠᠯ ᠵᠣᠬᠢᠶᠠᠯ ᠤ᠋ᠨ ᠪᠠᠭᠠᠲᠤᠷ ᠤ᠋ᠨ ᠦᠢᠯᠡ ᠠᠵᠢᠯᠯᠠᠭ᠎ᠠ ᠪᠠᠢᠬᠤ ᠶᠣᠰᠣᠲᠠᠢ᠃ ᠲᠡᠢᠮᠦ ᠡᠴᠡ ᠬᠤᠭᠤᠷᠴᠢ ᠨᠠᠷ ᠵᠣᠬᠢᠶᠠᠯ ᠤ᠋ᠨ ᠪᠠᠭᠠᠲᠤᠷ ᠤ᠋ᠨ ᠢ᠋ᠶ᠋ᠠᠨ ᠦᠢᠯᠡ ᠠᠵᠢᠯᠯᠠᠭ᠎ᠠ ᠶ᠋ᠢ ᠨᠠᠷᠢᠨ ᠨᠢᠭᠲᠠ ᠲᠣᠭᠠᠴᠢᠵᠤ ᠲᠡᠳᠡᠨᠡᠷ ᠤᠨ ᠵᠠᠩ ᠴᠢᠨᠠᠷ ᠤ᠋ᠨ ᠬᠥᠭᠵᠢᠯ ᠢ᠋ ᠪᠦᠲᠦᠭᠡᠭᠡᠳ ᠲᠡᠭᠦᠨ ᠢ᠋ᠶ᠋ᠡᠷ ᠢ᠋ᠶ᠋ᠡᠨ ᠳᠡᠮᠵᠢᠵᠦ ᠬᠡᠯᠡᠬᠦ ᠭᠡᠰᠡᠨ ᠰᠠᠨᠠᠭ᠎ᠠ ᠪᠠᠨ ᠢᠯᠡᠷᠡᠭᠦᠯᠳᠡᠭ᠃ ᠵᠢᠱ᠌ᠢᠶᠡᠯᠡᠪᠡᠯ᠂ 《ᠱᠦᠢ ᠬᠣ ᠱᠠᠰᠲᠢᠷ》ᠳᠠᠬᠢ ᠯᠢᠨ ᠴᠥᠩ ᠤᠨ ᠯᠢᠶᠠᠩ ᠱᠠᠨ ᠳ᠋ᠤ᠌ ᠭᠠᠷᠤᠭᠰᠠᠨ ᠢ᠋ ᠬᠡᠯᠡᠬᠦ ᠳ᠋ᠡᠭᠡᠨ᠂ ᠲᠡᠭᠦᠨ ᠦ᠌ 《ᠢᠴᠢᠭᠦᠷᠢ ᠶ᠋ᠢ ᠬᠦᠯᠢᠴᠡᠨ》 ᠤᠳᠠᠭ᠎ᠠ ᠪᠦᠷᠢ ᠰᠢᠲᠦ ᠵᠠᠭᠤᠨ ᠲᠡᠰᠴᠦ ᠪᠠᠢᠭᠰᠠᠨ ᠠ᠋ᠴᠠ ᠬᠡᠵᠢᠶ᠎ᠡ ᠬᠣᠢᠨ᠎ᠠ ᠠᠮᠢ ᠪᠡᠶ᠎ᠡ ᠶ᠋ᠢᠨ ᠠᠶᠤᠯ ᠤᠴᠠᠷᠠᠭᠠᠳ ᠰᠠᠶᠢ ᠵᠣᠷᠢᠭ ᠰᠢᠭᠤᠳᠴᠤ ᠠᠭᠤᠯᠠᠨ ᠳ᠋ᠤ᠌ ᠭᠠᠷᠤᠭᠰᠠᠨ ᠠᠯᠢ ᠣᠯᠠᠨ ᠦᠢᠯᠡ ᠶᠠᠪᠤᠳᠠᠯ ᠢ᠋ ᠨᠠᠷᠢᠨ ᠳᠦᠷᠰᠦᠯᠢᠭ ᠢ᠋ᠶ᠋ᠡᠷ ᠶᠠᠷᠢᠭᠰᠠᠨ ᠪᠥᠭᠡᠳ ᠲᠡᠭᠦᠨ ᠢ᠋ᠶ᠋ᠡᠷ ᠢ᠋ᠶ᠋ᠡᠨ ᠳᠠᠮᠵᠢᠭᠤᠯᠵᠤ ᠬᠠᠷᠭᠢᠰ ᠬᠡᠷᠴᠡᠭᠡᠢ ᠨᠣᠶᠠᠳ ᠲᠦᠰᠢᠮᠡᠳ ᠤᠨ ᠬᠢᠬᠠᠯ ᠳᠠᠷᠤᠯᠠᠯ ᠪᠠ ᠡᠨᠡᠬᠦ ᠬᠢᠬᠠᠯ ᠳᠠᠷᠤᠯᠠᠯ ᠨᠢ ᠠᠷᠠᠳ ᠣᠯᠠᠨ ᠢ᠋ ᠠᠷᠭ᠎ᠠ ᠪᠤᠰᠤ ᠡᠰᠡᠷᠭᠦᠴᠡᠬᠦ ᠳ᠋ᠦ᠍ ᠬᠦᠷᠦᠭᠦᠯᠳᠡᠭ ᠭᠡᠰᠡᠨ ᠰᠠᠨᠠᠭ᠎ᠠ ᠨᠢ ᠳᠦᠷᠰᠦᠯᠢᠭ ᠢ᠋ᠶ᠋ᠡᠷ ᠰᠤᠷᠲᠠᠯᠴᠢᠯᠠᠵᠠᠢ᠃
ᠳᠥᠷᠪᠡ ᠳ᠋ᠦ᠍ ᠂ ᠰᠡᠳᠬᠢᠯ ᠦ᠋ᠨ ᠬᠥᠳᠡᠯᠭᠡᠭᠡᠨ ᠢ᠋ ᠳᠦᠷᠰᠦᠯᠡᠬᠦ ᠠᠷᠭ᠎ᠠ᠃ ᠬᠤᠭᠤᠷ ᠤ᠋ᠨ ᠦᠯᠢᠭᠡᠷ ᠲᠦ᠍᠂ ᠪᠢᠴᠢᠭ ᠤᠨ ᠵᠣᠬᠢᠶᠠᠯ ᠲᠠᠢ ᠠᠳᠠᠯᠢ ᠪᠠᠷ ᠰᠡᠳᠬᠢᠯ ᠦ᠋ᠨ ᠬᠥᠳᠡᠯᠭᠡᠭᠡᠨ ᠢ᠋ ᠤᠷᠲᠤ ᠰᠤᠨᠵᠢᠷᠠᠭᠤᠨ ᠲᠠᠢ ᠪᠠᠷ ᠬᠦᠦᠷᠨᠢᠨ ᠲᠣᠭᠠᠴᠢᠳᠠᠭ ᠦᠭᠡᠢ ᠶᠦᠮ᠃ ᠵᠥᠪᠬᠡᠨ ᠲᠣᠬᠢᠯᠢᠭ ᠭᠠᠵᠠᠷ ᠲᠤᠨᠢ ᠣᠨᠣᠪᠴᠢᠲᠠᠢ ᠬᠡᠳᠦᠨ ᠦᠭᠡ ᠪᠡᠷ ᠲᠣᠳᠣᠷᠬᠠᠢᠯᠠᠨ ᠲᠤᠰᠢᠶᠠᠬᠤ ᠪᠤᠶᠤ ᠤᠶᠠᠩᠭᠠᠯᠠᠬᠤ ᠪᠠᠷ ᠳᠠᠮᠵᠢᠭᠤᠯᠵᠤ ᠬᠥᠮᠦᠰ ᠦ᠋ᠨ ᠵᠠᠩ ᠴᠢᠨᠠᠷ ᠢ᠋ ᠢᠯᠡᠷᠡᠭᠦᠯᠳᠡᠭ᠃ ᠵᠢᠱ᠌ᠢᠶᠡᠯᠡᠪᠡᠯ᠂ ᠰᠠᠯᠵᠤ ᠶᠠᠳᠠᠭᠰᠠᠨ ᠰᠡᠳᠬᠢᠯᠭᠡ ᠶ᠋ᠢ ᠢᠯᠡᠷᠡᠭᠦᠯᠬᠦ ᠳ᠋ᠡᠭᠡᠨ᠄ 《ᠠᠭᠤᠯᠠ ᠪᠣᠯᠤᠨ ᠬᠠᠳᠠ ᠴᠢᠨᠢ ᠬᠣᠯᠠ ᠪᠣᠯᠪᠠᠴᠤ /ᠤᠨᠢᠶᠠᠷ ᠪᠣᠯᠤᠨ ᠬᠦᠳᠡᠩ ᠢ᠋ᠶ᠋ᠡᠷ ᠢ᠋ᠶ᠋ᠡᠨ ᠵᠤᠯᠠᠭᠠᠨᠠ ᠪᠢᠰᠢᠦ ᠲᠠ/ ᠦᠨᠡᠨ ᠰᠠᠨᠠᠭ᠎ᠠ ᠴᠢᠬᠡᠴᠢ ᠰᠡᠳᠬᠢᠯ ᠪᠠᠢᠳᠠᠭ ᠪᠣᠯᠪᠠᠯ/ ᠦᠵᠦᠭᠦᠷ ᠦ᠋ᠨ ᠬᠣᠯᠠ ᠭᠠᠷᠤᠭᠠᠳ ᠣᠴᠢᠪᠠᠴᠤ ᠠᠭᠤᠯᠵᠠᠵᠤ ᠪᠣᠯᠤᠨ᠎ᠠ 》 ᠭᠡᠬᠦ ᠵᠡᠷᠭᠡ ᠪᠡᠷ ᠤᠶᠠᠩᠭᠠᠯᠠᠨ ᠰᠡᠳᠬᠢᠯ ᠦ᠋ᠨ ᠬᠥᠳᠡᠯᠭᠡᠭᠡᠨ ᠢ᠋ ᠢᠯᠡᠷᠡᠭᠦᠯᠵᠦ᠂ ᠨᠥᠬᠥᠷᠰᠡᠭ ᠬᠠᠯᠠᠭᠤᠨ ᠬᠠᠢᠷ᠎ᠠ ᠰᠡᠳᠬᠢᠯᠭᠡ ᠶ᠋ᠢ ᠲᠣᠳᠣᠷᠬᠠᠢᠯᠠᠳᠠᠭ᠃
ᠬᠤᠭᠤᠷ ᠤ᠋ᠨ ᠦᠯᠢᠭᠡᠷ ᠲᠦ᠍ ᠣᠯᠠᠩᠬᠢ ᠳ᠋ᠠᠭᠠᠨ ᠠᠭᠤᠯᠠ ᠤᠰᠤᠨ ᠤ᠋ ᠦᠵᠡᠮᠵᠢ ᠪᠠᠢᠳᠠᠯ ᠲᠠᠢ ᠲᠣᠬᠢᠷᠠᠭᠤᠯᠤᠨ ᠵᠣᠬᠢᠶᠠᠯ ᠤ᠋ᠨ ᠪᠠᠭᠠᠲᠤᠷ ᠤ᠋ᠨ ᠦᠢᠯᠡ ᠵᠣᠪᠠᠯᠠᠩ ᠠᠮᠰᠠᠵᠤ ᠪᠠᠢᠭ᠎ᠠ ᠪᠤᠶᠤ ᠭᠡᠷ ᠨᠤᠲᠤᠭ ᠢ᠋ᠶ᠋ᠠᠨ ᠰᠠᠨᠠᠵᠤ᠂ ᠮᠥᠷᠦᠭᠡᠳᠴᠦ ᠰᠡᠳᠬᠢᠯ ᠤᠨ ᠬᠥᠳᠡᠯᠭᠡᠭᠡᠨ ᠢ᠋ ᠤᠶᠠᠩᠭᠠᠯᠠᠵᠤ᠂ ᠡᠭᠦᠨ ᠢ᠋ᠶ᠋ᠡᠷ ᠢ᠋ᠶ᠋ᠡᠨ ᠪᠠᠰᠠ ᠦᠯᠢᠭᠡᠷ ᠤᠨ ᠢ᠋ᠶ᠋ᠡᠨ ᠦᠢᠯᠡ ᠶᠠᠪᠤᠳᠠᠯ (ᠵᠣᠬᠢᠶᠠᠮᠵᠢᠯᠠᠯ) ᠢ᠋ ᠣᠷᠣᠭᠰᠢ ᠠᠬᠢᠭᠤᠯᠵᠤ ᠬᠥᠭᠵᠢᠭᠦᠯᠳᠡᠭ᠃ ᠡᠨᠡ ᠲᠤᠬᠠᠢ ᠨᠡᠩ ᠠᠷᠪᠢᠨ ᠵᠢᠱ᠌ᠢᠶ᠎ᠡ ᠪᠠᠢᠳᠠᠭ ᠪᠣᠯᠪᠠᠴᠤ ᠪᠢᠳᠡ ᠲᠣᠪᠴᠢᠯᠠᠴᠢᠬᠠᠶᠠ᠃
ᠬᠤᠭᠤᠷ ᠤ᠋ᠨ ᠦᠯᠢᠭᠡᠷ ᠲᠦ᠍ ᠵᠣᠬᠢᠶᠠᠯ ᠤ᠋ᠨ ᠪᠠᠭᠠᠲᠤᠷ ᠤ᠋ᠨ ᠢᠶᠠᠨ ᠲᠦᠷ ᠲᠥᠷᠬᠦ ᠶ᠋ᠢ ᠢᠯᠡᠷᠡᠭᠦᠯᠬᠦ ᠳ᠋ᠡᠭᠡᠨ ᠳᠡᠭᠡᠷ᠎ᠡ ᠳᠤᠷᠠᠳᠤᠭᠰᠠᠨ ᠴᠢᠬᠤᠯᠠ ᠬᠡᠳᠦᠨ ᠠᠷᠬ᠎ᠠ ᠠ᠋ᠴᠠ ᠭᠠᠳᠠᠨ᠎ᠠ ᠪᠠᠰᠠ ᠦᠭᠡ ᠶᠠᠷᠢᠶ᠎ᠠ ᠪᠠᠷ ᠵᠣᠬᠢᠶᠠᠯ ᠤ᠋ᠨ ᠪᠠᠭᠠᠲᠤᠷ ᠤ᠋ᠨ ᠵᠠᠩ ᠴᠢᠨᠠᠷ ᠢ᠋ ᠳᠦᠷᠰᠦᠯᠡᠬᠦ᠂ ᠡᠮᠦᠰᠦᠭ ᠵᠠᠰᠠᠯ ᠢ᠋ᠶ᠋ᠠᠷ ᠳᠦᠷᠰᠦᠯᠡᠬᠦ᠂ ᠳᠠᠮ ᠢ᠋ᠶ᠋ᠠᠷ ᠳᠦᠷᠰᠦᠯᠡᠬᠦ ᠂ ᠣᠷᠴᠢᠨ ᠲᠣᠭᠣᠷᠢᠨ ᠢ᠋ᠶ᠋ᠠᠷ ᠳᠦᠷᠰᠦᠯᠡᠬᠦ ᠁ ᠰᠠᠭᠤᠴᠠ ᠪᠠᠢᠷᠢ ᠪᠠᠷ ᠳᠦᠷᠰᠦᠯᠡᠬᠦ᠂ ᠲᠣᠯᠢᠳᠬᠠᠯ ᠤ᠋ᠨ ᠠᠷᠭ᠎ᠠ ᠪᠠᠷ ᠳᠦᠷᠰᠦᠯᠡᠬᠦ ᠁ ᠭᠡᠬᠦ ᠵᠷᠭᠡ ᠶ᠋ᠢᠨ ᠠᠯᠢ ᠣᠯᠠᠨ ᠠᠷᠭ᠎ᠠ ᠪᠠᠷᠢᠯ ᠪᠠᠢᠳᠠᠭ᠃ ᠡᠳᠡᠭᠡᠷ ᠠᠷᠬ᠎ᠠ ᠪᠠᠷᠢᠯ ᠢ᠋ᠶ᠋ᠠᠨ ᠬᠡᠷᠡᠭᠯᠡᠬᠦ ᠳ᠋ᠡᠭᠡᠨ ᠬᠤᠭᠤᠷᠴᠢ ᠨᠠᠷ ᠠᠯᠢ ᠣᠯᠠᠨ ᠨᠠᠢᠷᠠᠭᠤᠯᠭ᠎ᠠ ᠶ᠋ᠢᠨ ᠠᠷᠭ᠎ᠠ ᠪᠠᠷᠢᠯ ᠢ᠋ ᠬᠡᠷᠡᠭᠯᠡᠵᠦ᠂ ᠬᠥᠮᠦᠰ ᠤᠨ ᠳᠦᠷᠢ ᠪᠡᠨ ᠢᠯᠭᠤᠮ ᠲᠣᠳᠣ ᠢᠯᠡᠳᠬᠡᠵᠦ ᠰᠣᠨᠣᠰᠤᠭᠴᠢᠳ ᠤ᠋ᠨ ᠪᠠᠬᠠᠷᠤᠯ ᠢ᠋ ᠲᠠᠲᠠᠬᠤ ᠪᠥᠭᠡᠳ ᠲᠡᠳᠡᠨ ᠳ᠋ᠦ᠍ ᠭᠦᠨ ᠭᠦᠨᠵᠡᠭᠡᠢ ᠰᠠᠭᠤᠭᠳᠠᠯ ᠢ᠋ ᠥᠭᠳᠡᠭ ᠪᠠᠢᠨ᠎ᠠ ᠃
ᠡᠴᠦᠰ ᠲᠦ᠍᠂ ᠬᠤᠭᠤᠷ ᠤ᠋ᠨ ᠦᠯᠢᠭᠡᠷ ᠤᠨ ᠪᠠᠰᠠ ᠨᠢᠭᠡ ᠳᠣᠪᠣᠢᠮ᠎ᠠ ᠣᠨᠴᠠᠯᠢᠭ ᠭᠡᠪᠡᠯ᠂ ᠬᠡᠯᠡ ᠬᠡᠯᠡᠯᠭᠡ ᠨᠢ ᠲᠤᠢᠯ ᠤ᠋ᠨ ᠬᠤᠷᠴᠠ ᠰᠣᠷᠭᠣᠭ ᠪᠥᠭᠡᠳ ᠠᠮᠢᠳᠤ ᠳᠦᠷᠰᠦᠯᠢᠭ ᠪᠠᠢᠳᠠᠭ᠃ ᠤᠷᠠᠨ ᠵᠣᠬᠢᠶᠠᠯ ᠪᠣᠯ ᠬᠡᠯᠡᠨ ᠦ᠌ ᠤᠷᠠᠯᠢᠭ ᠮᠥᠨ᠃ ᠤᠷᠠᠨ ᠵᠣᠬᠢᠶᠠᠯ ᠤ᠋ᠨ ᠡᠨᠡᠬᠦ ᠶᠡᠬᠡ ᠮᠥᠷᠡᠨ ᠦ᠌ ᠰᠠᠯᠪᠤᠷᠢ ᠤᠷᠤᠰᠬᠠᠯ ᠪᠣᠯᠤᠭᠰᠠᠨ ᠬᠤᠭᠤᠷ ᠤ᠋ᠨ ᠦᠯᠢᠭᠡᠷ ᠬᠡᠯᠡ ᠬᠡᠯᠡᠯᠭᠡ ᠶ᠋ᠢᠨ ᠲᠠᠯ᠎ᠠ ᠪᠠᠷ ᠬᠠᠮᠤᠭ ᠤ᠋ᠨ ᠪᠠᠶᠠᠯᠢᠭ᠂ ᠬᠠᠮᠤᠭ ᠠ᠋ᠴᠠ ᠬᠤᠷᠴᠠ ᠪᠠᠢᠳᠠᠭ᠃ ᠲᠡᠷᠡ ᠨᠢ ᠠᠷᠠᠳ ᠣᠯᠠᠨ ᠤ᠋ ᠠᠮᠢᠳᠤᠯᠢᠭ ᠴᠣᠪᠣᠭᠣ ᠬᠡᠯᠡ ᠶ᠋ᠢ ᠰᠢᠷᠭᠠᠨ ᠬᠡᠷᠡᠭᠯᠡᠵᠦ ᠦᠯᠢᠭᠡᠷ ᠤᠨ ᠠᠭᠤᠯᠭ᠎ᠠ ᠪᠠᠨ ᠲᠡᠭᠦᠰ ᠲᠡᠭᠦᠯᠳᠡᠷ᠂ ᠠᠮᠢᠳᠤᠯᠢᠭ ᠴᠣᠪᠣᠭᠣ᠂ ᠢᠷᠠᠭᠤ ᠳᠦᠷᠰᠦᠯᠢᠭ ᠢ᠋ᠶ᠋ᠡᠷ ᠢᠯᠡᠷᠡᠭᠦᠯᠵᠦ᠂ ᠰᠣᠨᠣᠰᠤᠭᠴᠢᠳ ᠦᠨ ᠳᠤᠷ᠎ᠠ ᠰᠣᠨᠢᠷᠬᠠᠯ ᠢ᠋ ᠲᠠᠲᠠᠵᠤ ᠲᠡᠳᠡᠨᠡᠷ ᠲᠦ᠍ ᠭᠤᠸ᠎ᠠ ᠰᠠᠢᠬᠠᠨ ᠤ᠋ ᠬᠦᠷᠲᠡᠭᠡᠯ ᠢ᠋ ᠣᠯᠭᠣᠳᠠᠭ ᠪᠠᠢᠨ᠎ᠠ᠃
ᠬᠤᠭᠤᠷ ᠤ᠋ᠨ ᠦᠯᠢᠭᠡᠷ ᠲᠦ᠍ ᠠᠷᠠᠳ ᠤ᠋ᠨ ᠠᠮᠢᠳᠤ ᠴᠣᠪᠣᠭᠣ ᠬᠡᠯᠡ ᠶ᠋ᠢ ᠬᠡᠷᠡᠭᠯᠡᠳᠡᠭ ᠤᠴᠢᠷ ᠠ᠋ᠴᠠ ᠬᠡᠯᠡᠯᠭᠡ ᠶ᠋ᠢᠨ ᠬᠤᠪᠢ ᠳ᠋ᠤ᠌ ᠲᠤᠢᠯ ᠤ᠋ᠨ ᠠᠮᠢᠳᠤ ᠳᠦᠷᠰᠦᠯᠢᠭ ᠪᠥᠭᠡᠳ ᠢᠯᠡ ᠣᠢᠯᠠᠭᠠᠮᠵᠢᠲᠠᠢ᠃ ᠬᠤᠭᠤᠷᠴᠢ ᠨᠠᠷ ᠠᠷᠠᠳ ᠣᠯᠠᠨ ᠤ᠋ ᠡᠳᠦᠷ ᠳᠣᠳᠣᠮ ᠬᠡᠷᠡᠭᠯᠡᠳᠡᠭ ᠶᠡᠷᠦ ᠶ᠋ᠢᠨ ᠣᠢᠯᠠᠭᠠᠮᠵᠢᠲᠠᠢ ᠶᠠᠷᠢᠶ᠎ᠠ ᠶ᠋ᠢᠨ ᠠᠮᠢᠳᠤ ᠳᠦᠷᠰᠦᠯᠢᠭ ᠪᠥᠭᠡᠳ ᠬᠤᠷᠴᠠ ᠰᠣᠷᠭᠣᠭ ᠬᠡᠰᠡᠭ ᠢ᠋ ᠰᠣᠩᠭᠣᠨ᠂ ᠬᠡᠯᠡᠬᠦ ᠭᠡᠰᠡᠨ ᠵᠦᠢᠯ ᠢ᠋ᠶ᠋ᠡᠨ ᠵᠥᠪ᠂ ᠣᠨᠣᠪᠴᠢᠲᠠᠢ᠂ ᠢᠷᠠᠭᠤ ᠲᠣᠳᠣ ᠪᠠᠷ ᠳᠦᠷᠰᠦᠯᠡᠨ ᠢᠯᠡᠳᠬᠡᠵᠦ᠂ ᠬᠥᠮᠦᠰ ᠲᠦ᠍ ᠭᠦᠨ ᠭᠦᠨᠵᠡᠭᠡᠢ ᠰᠠᠭᠤᠭᠳᠠᠯ ᠢ᠋ ᠥᠭᠳᠡᠭ᠃ ᠵᠢᠱ᠌ᠢᠶᠡᠯᠡᠪᠡᠯ᠂ ᠠᠭᠤᠯᠠ ᠬᠠᠳᠠᠨ ᠤ᠋ ᠰᠦᠷᠯᠢᠭ ᠶᠡᠬᠡ ᠶ᠋ᠢ ᠳᠦᠷᠰᠦᠯᠡᠬᠦ ᠳ᠋ᠡᠭᠡᠨ : 《ᠬᠠᠪ ᠬᠠᠷ᠎ᠠ ᠬᠠᠳᠠ ᠠᠭᠤᠯᠠᠨ ᠴᠢᠯᠠᠭᠤ ᠨᠢ ᠬᠠᠵᠠᠭᠤ ᠭᠠᠵᠠᠷ ᠰᠦᠨᠳᠡᠷᠯᠡᠭᠡᠳ/ ᠬᠠᠭ᠎ᠠ ᠳᠠᠷᠤᠭᠠᠳ ᠤᠨᠠᠬᠤ ᠭᠡᠮᠡᠷ ᠴᠠᠪ ᠭᠠᠷᠤᠨ ᠢᠪ ᠢᠷᠠᠢᠨ ᠦᠵᠡᠭᠳᠡᠭᠡᠳ / ᠬᠠᠢᠯ ᠪᠤᠯᠠᠭ ᠤ᠋ᠨ ᠤᠰᠤ ᠴᠢᠨᠢ ᠬᠠᠳᠠᠨ ᠤᠷᠤᠭᠤ ᠭᠤᠷᠴᠢᠭᠢᠨᠠᠭᠠᠳ ᠬᠦᠢ / ᠬᠠᠷᠠᠪᠲᠤᠷ ᠠᠭᠤᠷ ᠳᠡᠭᠡᠭᠰᠢ ᠪᠡᠨ ᠮᠠᠨᠳᠤᠨ᠎ᠠ ᠬᠦᠢ 》 ᠭᠡᠬᠦ ᠮᠡᠲᠦ ᠪᠡᠷ ᠡᠩ ᠦ᠋ᠨ ᠣᠢᠯᠠᠭᠠᠮᠵᠢᠲᠠᠢ ᠪᠥᠭᠡᠳ ᠠᠮᠢᠳᠤ ᠲᠦᠷᠢᠯᠢᠭ ᠢ᠋ᠶ᠋ᠡᠷ ᠠᠭᠤᠯᠠ ᠬᠠᠳᠠᠨ ᠤ᠋ ᠪᠠᠷᠲᠠᠭ᠎ᠠ ᠶ᠋ᠢ ᠢᠯᠡᠳᠬᠡᠵᠦ᠂ ᠬᠥᠮᠦᠰ ᠲᠦ᠍ ᠰᠦᠷᠯᠢᠭ ᠥᠷᠨᠢᠭᠦᠨ ᠰᠡᠳᠬᠢᠭᠳᠡᠯ ᠥᠭᠳᠡᠭ᠃
ᠬᠤᠭᠤᠷᠴᠢ ᠨᠠᠷ ᠡᠢᠮᠦᠷᠬᠦ ᠡᠩ ᠦ᠋ᠨ᠂ ᠣᠢᠯᠠᠭᠠᠮᠵᠢᠲᠠᠢ ᠂ ᠳᠦᠷᠰᠦᠯᠢᠭ ᠢᠷᠠᠭᠤ ᠬᠡᠯᠡ ᠶ᠋ᠢ ᠬᠡᠷᠡᠭᠯᠡᠬᠦ ᠶ᠋ᠢᠨ ᠬᠠᠮᠲᠤ ᠪᠠᠰᠠ ᠪᠢᠲᠡᠭᠦᠦ ᠶᠣᠭᠲᠠ ᠪᠤᠶᠤ ᠭᠦᠨ ᠤᠬᠠᠭᠠᠯᠢᠭ ᠴᠢᠨᠠᠷᠲᠠᠢ ᠬᠡᠯᠡ ᠶ᠋ᠢ ᠬᠡᠷᠡᠭᠯᠡᠵᠦ ᠬᠥᠮᠦᠰ ᠲᠦ᠍ ᠠᠮᠢᠳᠤᠷᠠᠯ ᠲᠡᠮᠡᠴᠡᠯ ᠤᠨ ᠵᠦᠢ ᠶᠣᠰᠣ ᠶ᠋ᠢ ᠭᠦᠨᠵᠡᠭᠡᠢ ᠲᠠᠨᠢᠭᠤᠯᠵᠤ ᠣᠷᠣᠨ ᠤ᠋ ᠲᠡᠵᠢᠭᠡᠯ ᠬᠦᠷᠲᠡᠭᠡᠵᠦ ᠵᠣᠬᠢᠬᠤ ᠬᠥᠮᠦᠵᠢᠯ ᠢ᠋ ᠣᠯᠭᠣᠳᠠᠭ ᠶᠤᠮ᠃ ᠵᠢᠱ᠌ᠢᠶᠡᠯᠡᠪᠡᠯ᠄《ᠤᠳᠠ ᠮᠣᠳᠣᠨ ᠨᠠᠪᠴᠢ ᠶ᠋ᠢ ᠠᠭᠤᠯᠠᠨ ᠣᠷᠣᠢ ᠳ᠋ᠤ᠌ ᠣᠪᠣᠭᠠᠯᠠᠪᠠᠴᠤ/ ᠤᠷᠤᠭᠤᠳᠠᠭᠠᠳ ᠬᠡᠢᠰᠬᠦ ᠭᠠᠵᠠᠷ ᠨᠢ ᠣᠩᠬᠣᠯ᠂ ᠳᠤᠩᠬᠤᠯ᠂ ᠭᠠᠵᠠᠷ ᠠ᠋ / ᠤᠭ ᠮᠠᠭᠤᠲᠠᠢ ᠬᠥᠮᠦᠨ ᠢ᠋ ᠤᠯᠤᠰ ᠲᠥᠷᠥ ᠳ᠋ᠦ᠍ ᠬᠡᠷᠡᠭᠯᠡᠪᠡᠴᠦ / ᠤᠭ ᠴᠢᠨᠠᠷ ᠨᠢ ᠢᠯᠡᠷᠡᠭᠡᠳ ᠤᠨᠠᠵᠤ᠂ ᠮᠥᠬᠥᠬᠦ ᠨᠢ ᠮᠥᠨ ᠳᠣᠣᠷ᠎ᠠ》 ᠭᠡᠵᠦ ᠮᠠᠭᠤ ᠬᠥᠮᠦᠨ ᠬᠡᠳᠦᠢ ᠳᠡᠭᠵᠢᠷᠡᠪᠡᠴᠦ᠂ ᠡᠴᠦᠰ ᠲᠡᠭᠡᠨ ᠤᠳᠠᠭᠠᠨ ᠲᠡᠰᠴᠦ ᠴᠢᠳᠠᠬᠤ ᠦᠭᠡᠢ ᠭᠡᠰᠡᠨ ᠢ᠋ ᠳᠦᠷᠰᠦᠯᠢᠭ ᠢ᠋ᠶ᠋ᠡᠷ ᠢᠯᠡᠳᠬᠡᠵᠡᠢ᠃ ᠪᠠᠰᠠ《ᠡᠭᠦᠯᠡ ᠭᠡᠲᠡᠯ᠎ᠡ ᠪᠣᠷᠣᠭᠠᠨ᠂ ᠡᠳᠦᠷ ᠭᠡᠲᠡᠯ᠎ᠡ ᠰᠥᠨᠢ᠂ ᠦᠨᠡᠨ ᠭᠡᠲᠡᠯ᠎ᠡ ᠬᠤᠳᠠᠯ᠂ ᠦᠭᠡᠢ ᠭᠡᠲᠡᠯ᠎ᠡ ᠪᠠᠢᠬᠤ ᠁》 ᠭᠡᠵᠦ ᠤᠴᠢᠷ ᠶᠠᠪᠤᠳᠠᠯ ᠤ᠋ᠨ ᠬᠥᠭᠵᠢᠯᠲᠡ ᠬᠤᠪᠢᠷᠠᠯᠲᠠ ᠲᠣᠭᠲᠠᠭᠤᠨ ᠦᠭᠡᠢ ᠪᠠᠢᠳᠠᠯ ᠢ᠋ ᠭᠦᠨ ᠤᠬᠠᠭᠠᠯᠢᠭ ᠢ᠋ᠶ᠋ᠠᠷ ᠢᠯᠡᠳᠬᠡᠵᠡᠢ᠃
ᠬᠤᠭᠤᠷ ᠤ᠋ᠨ ᠦᠯᠢᠭᠡᠷ ᠲᠦ᠍ ᠪᠠᠰᠠ᠂ ᠠᠷᠠᠳ ᠤ᠋ᠨ ᠠᠮᠢᠳᠤ ᠶᠠᠷᠢᠶᠠᠨ ᠳ᠋ᠠᠬᠢ ᠶᠡᠬᠡ ᠬᠡᠮᠵᠢᠶᠡᠨ ᠦ᠌ ᠵᠦᠢᠷ ᠰᠡᠴᠡᠨ ᠦᠭᠡ᠂ ᠬᠠᠪᠤᠲᠤ ᠦᠭᠡ᠂ ᠶᠣᠭᠲᠠ ᠦᠭᠡ ᠵᠡᠷᠭᠡ ᠶ᠋ᠢ ᠲᠣᠬᠢᠲᠠᠢ ᠭᠠᠵᠠᠷ ᠲᠤᠨᠢ ᠠᠮᠢᠳᠤᠯᠢᠭ ᠢ᠋ᠶ᠋ᠠᠷ ᠬᠡᠷᠡᠭᠯᠡᠵᠦ᠂ ᠬᠡᠯᠡᠬᠦ ᠭᠡᠰᠡᠨ ᠰᠠᠨᠠᠭ᠎ᠠ ᠪᠠᠨ ᠢᠯᠡᠷᠡᠭᠦᠯᠬᠦ ᠶ᠋ᠢᠨ ᠬᠠᠮᠲᠤ᠂ ᠵᠦᠢᠷᠯᠡᠯ᠂ ᠠᠳᠠᠯᠢᠳᠬᠠᠯ᠂ ᠬᠣᠣᠰᠯᠠᠯ ᠵᠡᠷᠭᠡᠴᠡᠭᠦᠯᠦᠯ᠂ ᠶᠡᠬᠡᠰᠬᠡᠯ᠂ ᠪᠠᠭᠠᠰᠬᠠᠯ᠂ ᠶᠥᠭᠡᠳᠡᠯ᠂ ᠶᠣᠵᠣᠯᠠᠯ᠂ ᠳᠠᠪᠠᠭᠤᠯᠤᠯ᠂ ᠲᠣᠯᠢᠳᠬᠠᠯ᠂ ᠠᠮᠢᠳᠤᠴᠢᠯᠠᠯ᠂ ᠠᠮᠢᠭᠦᠢᠴᠢᠯᠡᠯ᠂ ᠬᠠᠷᠢᠴᠠᠭᠤᠯᠤᠯ᠂ ᠲᠥᠯᠥᠭᠡᠯᠡᠯ ᠵᠡᠷᠭᠡ ᠶ᠋ᠢᠨ ᠠᠯᠢ ᠣᠯᠠᠨ ᠨᠠᠢᠷᠠᠭᠤᠯᠭ᠎ᠠ ᠶ᠋ᠢᠨ ᠠᠷᠭ᠎ᠠ ᠪᠠᠷᠢᠯ ᠢ᠋ ᠠᠪᠴᠤ ᠰᠠᠨᠠᠭ᠎ᠠ ᠪᠠᠨ ᠢᠯᠡ ᠲᠣᠳᠣ ᠢᠯᠡᠳᠬᠡᠵᠦ ᠮᠠᠭᠲᠠᠬᠤ ᠭᠡᠰᠡᠨ ᠵᠦᠢᠯ ᠢ᠋ᠶ᠋ᠡᠨ ᠴᠡᠴᠡᠭ ᠤᠨ ᠬᠤᠷ᠎ᠠ ᠪᠠᠭᠤᠲᠠᠯ᠎ᠠ ᠮᠠᠭᠲᠠᠵᠤ ᠂ ᠮᠠᠭᠤᠯᠠᠬᠤ ᠭᠡᠰᠡᠨ ᠵᠦᠢᠯ ᠢ᠋ᠶ᠋ᠡᠨ ᠦᠮᠡᠬᠡᠢ ᠪᠠᠯᠴᠢᠭ ᠲᠤ᠌ ᠣᠷᠣᠲᠠᠯ᠎ᠠ ᠮᠠᠭᠤᠯᠠᠵᠤ ᠲᠠᠭᠠᠯᠠᠯ᠂ ᠵᠢᠪᠡᠭᠦᠴᠡᠯ ᠤᠨ ᠶᠢᠯᠸᠢ ᠴᠢᠳᠠᠯ ᠳ᠋ᠤ᠌ ᠬᠦᠷᠦᠭᠦᠯᠳᠡᠭ ᠶᠦᠮ᠃
ᠶᠡᠷᠦᠩᠬᠡᠢᠯᠡᠭᠡᠳ ᠬᠡᠯᠡᠪᠡᠯ᠂ ᠬᠤᠭᠤᠷ ᠤ᠋ᠨ ᠦᠯᠢᠭᠡᠷ ᠦ᠋ᠨ ᠣᠨᠴᠠᠯᠢᠭ ᠪᠣᠯ ᠡᠨᠡ ᠬᠡᠳᠦᠬᠡᠨ ᠢᠶᠠᠷ ᠵᠣᠭᠰᠣᠬᠤ ᠪᠢᠰᠢ᠂ ᠪᠢᠳᠡ ᠳᠣᠪᠣᠢᠭᠰᠠᠨ ᠬᠡᠳᠦ ᠡᠴᠡ ᠲᠣᠪᠴᠢ ᠳᠤᠷᠠᠳᠤᠭᠰᠠᠨ ᠯᠠ ᠲᠡᠳᠦᠢ᠃ ᠬᠤᠭᠤᠷ ᠦ ᠦᠯᠢᠭᠡᠷ ᠨᠢ᠂ ᠤᠷᠠᠯᠢᠭ ᠤᠨ ᠬᠦᠢᠶᠡᠯᠡᠩ ᠳ᠋ᠡᠬᠢ ᠨᠢᠭᠡ ᠪᠤᠲᠠ ᠢᠯᠭᠤᠮ ᠰᠠᠢᠬᠠᠨ ᠰᠣᠷᠭᠣᠭ ᠴᠡᠴᠡᠭ ᠦ᠋ᠨ ᠬᠤᠪᠢ ᠳ᠋ᠤ᠌ ᠥᠪᠡᠷᠦᠨ ᠪᠡᠶ᠎ᠡ ᠪᠡᠨ ᠳᠠᠭᠠᠭᠠᠭᠰᠠᠨ ᠥᠪᠡᠷᠮᠢᠴᠡ ᠣᠨᠴᠠᠯᠢᠭ ᠲᠠᠢ ᠪᠠᠢᠭ᠎ᠠ ᠨᠢ ᠶᠠᠷᠢᠶᠠᠨ ᠦᠭᠡᠢ ᠶᠦᠮ᠃ ᠡᠨᠡ ᠪᠣᠯ ᠮᠠᠨ ᠤ᠋ ᠡᠭᠦᠨ ᠡᠴᠡ ᠬᠣᠢᠰᠢ ᠨᠠᠷᠢᠨ ᠠᠵᠢᠭᠯᠠᠵᠤ᠂ ᠨᠢᠭᠲᠠ ᠰᠢᠨᠵᠢᠯᠡᠨ ᠭᠦᠨᠵᠡᠭᠡᠢᠷᠡᠨ ᠰᠤᠳᠤᠯᠬᠤ ᠳ᠋ᠤ᠌ ᠬᠣᠯᠪᠣᠭᠳᠠᠬᠤ ᠠᠰᠠᠭᠤᠳᠠᠯ ᠮᠥᠨ᠃