ᠠᠭᠤᠯᠠ ᠶ᠋ᠢᠨ ᠬᠦᠦУулын хүү Uulyn khüü

ᠡᠷᠲᠡ ᠤᠷᠢᠳᠤ ᠴᠠᠭ ᠲᠤ᠌ ᠡᠮᠡᠭᠡᠨ ᠡᠪᠦᠭᠡᠨ ᠬᠣᠶᠠᠷ ᠪᠠᠢᠭᠰᠠᠨ ᠭᠡᠨ᠎ᠡ᠃ ᠲᠡᠷᠡ ᠡᠮᠡᠭᠡᠨ ᠡᠪᠦᠭᠡᠨ ᠬᠣᠶᠠᠷ᠂ ᠦᠷ᠎ᠡ ᠶ᠋ᠢᠨ ᠭᠠᠭᠴᠠ ᠬᠦᠦ ᠲᠡᠢ ᠭᠡᠨ᠎ᠡ᠃ ᠲᠡᠷᠡ ᠬᠦᠦ ᠨᠢ ᠭᠠᠯᠵᠠᠭᠤ ᠬᠢᠯᠢᠩ ᠮᠣᠷᠢ ᠲᠠᠢ᠂ ᠭᠠᠩ ᠪᠣᠯᠣᠳ ᠨᠤᠮᠤ ᠲᠠᠢ᠂ ᠠᠭᠤᠯᠠ ᠬᠠᠩᠭᠠᠢ ᠶ᠋ᠢ ᠲᠣᠭᠣᠷᠢᠵᠤ᠂ ᠠᠩ ᠬᠦᠷᠦᠭᠡ ᠬᠢᠵᠦ ᠠᠪᠤ ᠡᠵᠢ ᠪᠡᠨ ᠠᠰᠠᠷᠠᠨ ᠶᠠᠪᠤᠳᠠᠭ ᠲᠤᠯᠠ ᠪᠦᠭᠦᠳᠡᠭᠡᠷ ᠲᠡᠭᠦᠨ ᠢ᠋ ᠠᠭᠤᠯᠠ ᠶ᠋ᠢᠨ ᠬᠦᠦ ᠭᠡᠵᠦ ᠨᠡᠷᠡᠯᠡᠬᠦ ᠠᠵᠢ᠃
ᠡᠨᠡ ᠬᠦᠦ ᠶ᠋ᠢᠨ ᠣᠷᠣᠰᠢᠨ ᠰᠠᠭᠤᠵᠤ ᠪᠠᠢᠭ᠎ᠠ ᠤᠯᠤᠰ ᠤ᠋ᠨ ᠬᠠᠭᠠᠨ ᠨᠢ ᠬᠠᠷᠭᠢᠰ ᠨᠢᠭᠡᠨ ᠬᠠᠲᠤᠨ ᠲᠠᠢ ᠭᠡᠨ᠎ᠡ᠃ ᠴᠢᠩᠭᠢᠭᠡᠳ ᠨᠢᠭᠡᠨ ᠡᠳᠦᠷ ᠬᠠᠲᠤᠨ ᠨᠢ᠄《ᠮᠠᠨ ᠤ᠋ ᠪᠠᠷᠠᠭᠤᠨ ᠬᠣᠢᠨ᠎ᠠ ᠪᠠᠢᠭ᠎ᠠ ᠭᠦᠨ ᠨᠠᠭᠤᠷ ᠤ᠋ᠨ ᠳᠣᠲᠣᠷ᠎ᠠ ᠠᠷᠪᠠᠨ ᠠᠯᠲᠠ ᠪᠡᠶ᠎ᠡ ᠲᠡᠢ ᠤᠰᠤᠨ ᠤ᠋ ᠠᠮᠢᠲᠠᠨ ᠡᠳᠦᠷ ᠪᠦᠷᠢ ᠦᠳᠡ ᠶ᠋ᠢᠨ ᠬᠢᠷᠢ ᠳ᠋ᠦ᠍ ᠤᠰᠤᠨ ᠤ᠋ ᠳᠤᠮᠳᠠ᠂ ᠬᠠᠭᠠᠰ ᠪᠡᠶ᠎ᠡ ᠪᠡᠨ ᠭᠠᠷᠭᠠᠵᠤ ᠨᠠᠷᠠᠨ ᠳ᠋ᠤ᠌ ᠡᠭᠡᠭᠡᠳᠡᠭ᠃ ᠬᠡᠷᠪᠡ ᠡᠵᠡᠨ ᠲᠠ ᠬᠥᠮᠦᠨ ᠶᠠᠪᠤᠭᠤᠯᠵᠤ ᠲᠡᠭᠦᠨ ᠢ᠋ ᠠᠯᠠᠵᠤ ᠠᠷᠠᠰᠤ ᠶ᠋ᠢ ᠪᠡᠷ ᠨᠢ ᠳᠡᠪᠡᠯ ᠬᠢᠵᠦ ᠡᠮᠦᠰᠪᠡᠯ᠂ ᠬᠠᠯᠠᠭᠤᠨ ᠵᠤᠨ ᠤ᠋ ᠴᠠᠭ ᠲᠤ᠌ ᠰᠡᠷᠢᠭᠦᠨ ᠪᠥᠭᠡᠳ ᠬᠠᠬᠢᠷ ᠡᠪᠦᠯ ᠦ᠋ᠨ ᠴᠠᠭ ᠲᠤ᠌ ᠳᠤᠯᠠᠭᠠᠨ ᠪᠠᠢᠳᠠᠭ ᠭᠡᠨ᠎ᠡ》 ᠭᠡᠵᠦ ᠬᠠᠭᠠᠨ ᠳ᠋ᠠᠭᠠᠨ ᠬᠡᠯᠡᠵᠡᠢ᠃ ᠴᠢᠩᠭᠢᠭᠰᠡᠨ ᠳ᠋ᠦ᠍ ᠬᠠᠭᠠᠨ᠂ ᠲᠡᠷᠡ ᠳᠣᠣᠷ᠎ᠠ ᠪᠠᠨ ᠠᠷᠪᠠᠨ ᠵᠠᠩᠵᠤᠨ᠂ ᠵᠠᠭᠤᠨ ᠴᠡᠷᠢᠭ ᠲᠦ᠍ ᠵᠠᠷᠯᠢᠭ ᠪᠠᠭᠤᠯᠭᠠᠭᠰᠠᠨ ᠨᠢ᠄《ᠲᠠ ᠨᠠᠷ ᠣᠳᠣ ᠣᠴᠢᠵᠤ ᠲᠡᠷᠡ ᠪᠠᠷᠠᠭᠤᠨ ᠬᠣᠢᠨᠠᠬᠢ ᠶᠡᠬᠡ ᠨᠠᠭᠤᠷ ᠤ᠋ᠨ ᠳᠤᠮᠳᠠ ᠪᠠᠢᠭ᠎ᠠ ᠠᠮᠢᠲᠠᠨ ᠢ᠋ ᠠᠯᠠᠵᠤ ᠢᠷ᠎ᠡ᠃ ᠪᠢ ᠲᠡᠭᠦᠨ ᠦ᠌ ᠠᠷᠠᠰᠤ ᠪᠠᠷ ᠳᠡᠪᠡᠯ ᠬᠢᠵᠦ ᠡᠮᠦᠰᠦᠨ᠎ᠡ᠃ ᠬᠡᠷᠪᠡ ᠲᠠ ᠨᠠᠷ ᠠᠷᠪᠠᠨ ᠲᠠᠪᠤᠨ ᠡᠳᠦᠷ ᠲᠦ᠍ ᠲᠡᠷᠡ ᠠᠮᠢᠲᠠᠨ ᠢ᠋ ᠠᠯᠠᠵᠤ ᠴᠢᠳᠠᠬᠤ ᠦᠭᠡᠢ ᠪᠣᠯ ᠲᠠ ᠪᠦᠭᠦᠳᠡ ᠶ᠋ᠢ ᠬᠠᠭᠠᠨ ᠤ᠋ ᠵᠠᠷᠯᠢᠭ ᠠ᠋ᠴᠠ ᠵᠥᠷᠢᠴᠡᠭᠰᠡᠨ ᠶᠠᠯ᠎ᠠ ᠲᠤᠯᠭᠠᠵᠤ ᠠᠯᠠᠨ᠎ᠠ》 ᠭᠡᠳ᠂ ᠲᠣᠭᠣᠭ᠎ᠠ ᠰᠢᠨᠠᠭ᠎ᠠ ᠮᠠᠢᠬᠠᠨ ᠬᠥᠰᠢᠭᠡ ᠥᠭᠴᠦ ᠶᠠᠪᠤᠭᠤᠯᠪᠠ ᠭᠡᠨ᠎ᠡ᠃
ᠡᠨᠡ ᠣᠯᠠᠨ ᠴᠡᠷᠢᠭ ᠦ᠋ᠨ ᠬᠥᠮᠦᠰ ᠶᠠᠭᠠᠬᠢᠵᠤ ᠬᠠᠭᠠᠨ ᠤ᠋ ᠵᠠᠷᠯᠢᠭ ᠠ᠋ᠴᠠ ᠵᠥᠷᠢᠴᠡᠵᠦ ᠴᠢᠳᠠᠨ᠎ᠠ ᠳᠠ! ᠮᠠᠷᠭᠠᠰᠢ ᠠ᠋ᠴᠠ ᠨᠢ ᠨᠠᠷᠠᠨ ᠢ᠋ᠶ᠋ᠠᠷ ᠭᠠᠷᠴᠤ ᠨᠠᠭᠤᠷ ᠤ᠋ᠨ ᠬᠥᠪᠡᠭᠦᠨ ᠳ᠋ᠦ᠍ ᠵᠣᠭᠰᠣᠨ ᠪᠡᠯᠡᠳᠬᠡᠵᠦ᠂ ᠲᠡᠷᠡ ᠠᠮᠢᠲᠠᠨ ᠢ᠋ ᠭᠠᠷᠴᠤ ᠢᠷᠡᠮᠡᠭᠴᠡ ᠴᠤᠭᠭᠠᠷ ᠳᠣᠬᠢᠶ᠎ᠠ ᠲᠠᠯᠪᠢᠵᠤ ᠬᠠᠷᠪᠤᠭᠰᠠᠨ ᠪᠣᠯᠪᠠᠴᠤ᠂ ᠨᠠᠭᠠᠨ᠎ᠠ ᠨᠢ ᠲᠤᠰᠬᠤ ᠦᠭᠡᠢ ᠪᠣᠯ ᠴᠠᠭᠠᠨ᠎ᠠ ᠨᠢ ᠲᠣᠰᠴᠤ ᠬᠠᠵᠠᠭᠤ ᠳ᠋ᠤᠨᠢ ᠲᠤᠰᠬᠤ ᠦᠭᠡᠢ ᠪᠣᠯ ᠬᠡᠯᠲᠡᠭᠡᠢ ᠲᠣᠰᠴᠤ ᠶᠡᠷᠦ ᠠᠯᠠᠵᠤ ᠴᠢᠳᠠᠬᠤ ᠦᠭᠡᠢ ᠪᠠᠢᠵᠠᠢ᠃ ᠢᠩᠭᠢᠭᠡᠳ ᠴᠡᠷᠢᠭ ᠦ᠋ᠨ ᠤᠯᠤᠰ ᠡᠯᠳᠡᠪ ᠠᠷᠭ᠎ᠠ! ᠭᠠᠷᠭᠠᠵᠤ ᠣᠢᠷᠠᠳᠴᠤ ᠬᠠᠷᠪᠤᠭᠰᠠᠨ ᠴᠤ᠌ ᠶᠡᠷᠦ ᠰᠤᠮᠤ ᠨᠢ ᠣᠷᠣᠬᠤ ᠶ᠋ᠢ ᠭᠡᠨ᠎ᠡ᠃ ᠴᠡᠷᠢᠭ ᠦ᠋ᠨ ᠬᠥᠮᠦᠰ ᠰᠠᠨᠳᠤᠷᠬᠤ ᠶ᠋ᠢᠨ ᠶᠡᠬᠡ ᠪᠡᠷ ᠰᠠᠨᠳᠤᠷᠴᠤ ᠡᠳᠦᠷ ᠪᠦᠷᠢ ᠬᠠᠷᠪᠤᠭᠰᠠᠭᠠᠷ ᠬᠠᠷᠠᠵᠤ ᠪᠠᠢᠲᠠᠯ᠎ᠠ ᠠᠷᠪᠠᠨ ᠳᠥᠷᠪᠡᠨ ᠡᠳᠦᠷ ᠪᠣᠯᠵᠤ ᠪᠦᠭᠦᠳᠡᠭᠡᠷ ᠶᠡᠬᠡ ᠯᠡ ᠠᠶᠤᠵᠤ ᠪᠦᠷᠢ ᠰᠡᠭᠦᠯ ᠦ᠋ᠨ ᠠᠷᠪᠠᠨ ᠲᠠᠪᠤᠳᠤᠭᠠᠷ ᠡᠳᠦᠷ ᠲᠤᠨᠢ ᠵᠠᠩᠵᠤᠨ ᠴᠡᠷᠢᠭ ᠲᠡᠢ ᠪᠡᠨ ᠵᠠᠢ ᠵᠠᠪᠰᠠᠷ ᠦᠭᠡᠢ ᠬᠠᠷᠪᠤᠨ᠂ ᠰᠤᠮᠤᠨ ᠪᠣᠷᠣᠭᠠᠨ ᠣᠷᠣᠭᠤᠯᠪᠠᠴᠤ ᠠᠯᠠᠵᠤ ᠴᠢᠳᠠᠬᠤ ᠦᠭᠡᠢ ᠪᠠᠴᠢᠮᠳᠠᠨ ᠰᠠᠨᠳᠤᠷᠴᠤ ᠪᠠᠢᠵᠠᠢ᠃ ᠢᠩᠭᠢᠵᠦ ᠪᠠᠢᠲᠠᠯ᠎ᠠ ᠠᠭᠤᠯᠠ ᠶ᠋ᠢᠨ ᠬᠦᠦ ᠣᠢ ᠰᠢᠭᠤᠢ ᠶ᠋ᠢᠨ ᠳᠤᠮᠳᠠ ᠠ᠋ᠴᠠ ᠣᠯᠵᠤ ᠦᠵᠡᠭᠡᠳ ᠴᠡᠷᠢᠭ ᠦ᠋ᠨ ᠬᠥᠮᠦᠰ ᠦ᠋ᠨ ᠳᠡᠷᠭᠡᠳᠡ ᠬᠦᠷᠴᠦ ᠢᠷᠡᠭᠰᠡᠨ ᠳ᠋ᠦ᠍ ᠵᠠᠩᠵᠤᠨ ᠴᠡᠷᠢᠭ ᠪᠦᠭᠦᠳᠡᠭᠡᠷ ᠤᠤᠯ ᠠ᠋ᠴᠠ ᠪᠠᠨ ᠠᠭᠤᠯᠠ ᠶ᠋ᠢᠨ ᠬᠦᠦ ᠶ᠋ᠢ ᠲᠠᠨᠢᠬᠤ ᠲᠤᠯᠠ ᠣᠷᠣᠭᠰᠢ ᠲᠠᠪᠰᠢᠵᠤ᠄ ᠬᠠᠭᠠᠨ ᠤ᠋ ᠵᠠᠷᠯᠢᠭ ᠢ᠋ᠶ᠋ᠠᠷ ᠬᠠᠷᠪᠤᠵᠤ᠂ ᠡᠵᠡᠨ ᠦ᠌ ᠲᠤᠰᠢᠶᠠᠯ ᠢ᠋ᠶ᠋ᠠᠷ ᠡᠯᠳᠡᠪᠴᠢᠯᠡᠪᠡᠴᠦ ᠠᠯᠠᠵᠤ ᠴᠢᠳᠠᠬᠤ ᠦᠭᠡᠢ ᠡᠨᠡ ᠡᠳᠦᠷ ᠬᠤᠭᠤᠴᠠᠭ᠎ᠠ ᠮᠢᠨᠢ ᠭᠦᠢᠴᠡᠵᠦ ᠪᠦᠭᠦᠳᠡᠭᠡᠷ ᠢ᠋ᠶ᠋ᠡᠨ ᠦᠬᠦᠬᠦ ᠳ᠋ᠦ᠍ ᠬᠦᠷᠦᠭᠡᠳ ᠪᠠᠢᠨ᠎ᠠ ᠭᠡᠰᠡᠨ ᠳ᠋ᠦ᠍ ᠠᠭᠤᠯᠠ ᠶ᠋ᠢᠨ ᠬᠦᠦ ᠳᠤᠭᠤᠢ ᠵᠣᠭᠰᠣᠵᠤ ᠪᠠᠢᠭᠰᠠᠨ ᠳ᠋ᠤ᠌ ᠪᠦᠭᠦᠳᠡᠭᠡᠷ ᠢ᠋ᠶ᠋ᠡᠨ᠄ᠠᠭᠤᠯᠠ ᠶ᠋ᠢᠨ ᠬᠦᠦ ᠭᠤᠸᠠᠢ ᠠᠪᠤᠷᠠᠯ ᠳ᠋ᠠᠭᠠᠨ ᠮᠠᠨ ᠢ᠋ ᠠᠪᠤᠷᠠ ᠳᠠ! ᠭᠡᠵᠦ ᠭᠤᠶᠤᠭᠰᠠᠨ ᠳ᠋ᠤ᠌ ᠠᠭᠤᠯᠠ ᠶ᠋ᠢᠨ ᠬᠦᠦ᠄《ᠵᠧ! ᠠᠬ᠎ᠠ ᠳᠡᠭᠦᠦ ᠲᠠ ᠨᠠᠷ ᠤ᠋ᠨ ᠠᠮᠢ ᠶ᠋ᠢᠨ ᠴᠢᠨᠢ ᠬᠣᠭᠣᠷᠣᠨᠳᠣ ᠣᠷᠣᠵᠤ ᠥᠭᠭᠦᠶ᠎ᠡ》 ᠭᠡᠳ ᠭᠠᠩ ᠪᠣᠯᠣᠳ ᠰᠤᠮᠤ ᠪᠠᠨ ᠠᠪᠴᠤ᠂ ᠠᠷᠪᠠᠨ ᠲᠠᠪᠤᠨ ᠤ᠋ ᠰᠠᠷ᠎ᠠ ᠲᠠᠢ ᠠᠳᠠᠯᠢ ᠳᠦᠭᠦᠷᠲᠡᠯ᠎ᠡ ᠲᠠᠲᠠᠵᠤ᠂ ᠣᠨᠢᠯᠠᠨ ᠣᠨᠢᠯᠠᠨ ᠲᠠᠯᠪᠢᠭᠰᠠᠨ ᠴᠢᠨᠢ ᠡᠷᠴᠢᠲᠦ ᠰᠤᠮᠤ ᠨᠢᠰᠬᠦ ᠰᠢᠪᠠᠭᠤ ᠰᠢᠭ᠋ ᠱᠤᠩᠪᠠᠨ ᠣᠴᠢᠵᠤ ᠠᠷᠪᠠᠨ ᠠᠯᠲᠠ ᠪᠡᠶ᠎ᠡ ᠲᠡᠢ ᠤᠰᠤᠨ ᠤ᠋ ᠠᠮᠢᠲᠠᠨ ᠢ᠋ ᠠᠶᠤᠤᠯᠢᠬᠠᠢ ᠴᠡᠭᠡᠵᠢ ᠪᠡᠷ ᠨᠢ ᠨᠡᠪᠲᠡ ᠬᠠᠷᠪᠤᠵᠤ ᠠᠯᠠᠭᠰᠠᠨ ᠳ᠋ᠤ᠌ ᠴᠡᠷᠢᠭ ᠦ᠋ᠨ ᠬᠥᠮᠦᠰ ᠴᠡᠭᠡᠵᠢ ᠳᠡᠯᠪᠡᠷᠡᠲᠡᠯ᠎ᠡ ᠪᠠᠶᠠᠷᠯᠠᠵᠤ᠂ ᠠᠭᠤᠯᠠ ᠶ᠋ᠢᠨ ᠬᠦᠦ ᠶ᠋ᠢᠨ ᠠᠴᠢ ᠳ᠋ᠤ᠌ ᠮᠥᠷᠭᠥᠶ᠎ᠡ ᠭᠡᠰᠡᠨ ᠳ᠋ᠦ᠍᠂ ᠠᠭᠤᠯᠠ ᠶ᠋ᠢᠨ ᠬᠦᠦ ᠲᠠ ᠨᠠᠷ! ᠮᠥᠷᠭᠥᠬᠦ ᠬᠡᠷᠡᠭ ᠦᠭᠡᠢ᠂ ᠭᠠᠭᠴᠠ ᠮᠢᠨᠦ ᠬᠦᠰᠡᠬᠦ ᠨᠢ ᠲᠠ ᠨᠠᠷ ᠬᠠᠷᠢᠵᠤ ᠨᠠᠮᠠᠶ᠋ᠢ ᠡᠨᠡ ᠠᠮᠢᠲᠠᠨ ᠢ᠋ ᠠᠯᠠᠪᠠ ᠭᠡᠵᠦ ᠬᠠᠭᠠᠨ ᠳ᠋ᠠᠭᠠᠨ ᠪᠢᠲᠡᠭᠡᠢ ᠬᠡᠯᠡᠭᠡᠷᠡᠢ! ᠭᠡᠵᠦ ᠭᠡᠷ ᠲᠡᠭᠡᠨ ᠳᠠᠪᠬᠢᠵᠤ ᠬᠠᠷᠢᠪᠠ ᠭᠡᠨ᠎ᠡ᠃
ᠴᠢᠩᠭᠢᠭᠡᠳ ᠴᠡᠷᠢᠭ ᠦ᠋ᠨ ᠬᠥᠮᠦᠰ ᠬᠠᠭᠠᠨ ᠳ᠋ᠠᠭᠠᠨ ᠲᠡᠷᠡ ᠠᠮᠢᠲᠠᠨ ᠢ᠋ ᠠᠪᠴᠢᠷᠠᠵᠤ ᠦᠭᠭᠦᠭᠰᠡᠨ ᠳ᠋ᠦ᠍ ᠬᠠᠭᠠᠨ ᠨᠢ᠄《ᠵᠧ! ᠶᠡᠬᠡ ᠰᠠᠢᠨ᠂ ᠲᠠ ᠨᠠᠷ ᠡᠭᠦᠨ ᠦ᠌ ᠠᠷᠠᠰᠤ ᠶ᠋ᠢ ᠥᠪᠴᠢᠵᠦ᠂ ᠨᠠᠳᠠ ᠳᠡᠪᠡᠯ ᠬᠢᠵᠦ ᠠᠪᠴᠢᠷᠠ》 ᠭᠡᠰᠡᠨ ᠳ᠋ᠦ᠍ ᠴᠡᠷᠢᠭ ᠦ᠋ᠨ ᠬᠥᠮᠦᠰ ᠨᠢ ᠭᠠᠷᠴᠤ ᠥᠪᠴᠢᠭᠰᠡᠨ ᠳ᠋ᠦ᠍ ᠬᠢᠲᠤᠭ᠎ᠠ ᠨᠢ ᠳᠠᠭᠠᠭᠠᠬᠤ ᠦᠭᠡᠢ ᠶᠤᠮ ᠭᠡᠨ᠎ᠡ᠃ ᠡᠭᠦᠨ ᠢ᠋ ᠮᠡᠳᠡᠭᠡᠳ ᠬᠠᠭᠠᠨ ᠨᠢ ᠶᠡᠬᠡᠯ᠎ᠡ ᠠᠭᠤᠷᠯᠠᠵᠤ ᠲᠠ ᠨᠠᠷ ᠠᠯᠠᠵᠤ ᠴᠢᠳᠠᠭᠠᠳ ᠥᠪᠴᠢᠵᠦ ᠴᠢᠳᠠᠬᠤ ᠦᠭᠡᠢ ᠶᠠᠮᠠᠷ ᠤᠴᠢᠷ ᠪᠣᠢ? ᠯᠠᠪ ᠥᠭᠡᠷ᠎ᠡ ᠬᠥᠮᠦᠨ ᠠᠯᠠᠭᠰᠠᠨ ᠪᠠᠢᠬᠤ ᠭᠡᠵᠦ ᠴᠡᠷᠢᠭ ᠵᠠᠩᠵᠤᠨ ᠢ᠋ᠶ᠋ᠠᠨ ᠬᠠᠤᠯᠢᠳᠠᠬᠤ ᠳ᠋ᠤ᠌᠂ ᠴᠡᠷᠢᠭ ᠦ᠋ᠳ ᠠᠷᠭ᠎ᠠ ᠪᠠᠨ ᠪᠠᠷᠠᠵᠤ᠂ ᠠᠭᠤᠯᠠ ᠶ᠋ᠢᠨ ᠬᠦᠦ ᠪᠢᠳᠡᠨ ᠳ᠋ᠦ᠍ ᠠᠯᠠᠵᠤ ᠥᠭᠪᠡ ᠭᠡᠵᠦ ᠮᠡᠳᠡᠭᠦᠯᠦᠭᠰᠡᠨ ᠳ᠋ᠦ᠍ ᠬᠠᠭᠠᠨ ᠨᠢ ᠳᠠᠷᠤᠢ ᠬᠥᠮᠦᠨ ᠵᠠᠷᠤᠵᠤ ᠠᠭᠤᠯᠠ ᠶ᠋ᠢᠨ ᠬᠦᠦ ᠶ᠋ᠢ ᠳᠠᠭᠤᠳᠠᠨ ᠠᠪᠴᠢᠷᠠᠭᠠᠳ ᠡᠨᠡ ᠠᠷᠠᠰᠤ ᠶ᠋ᠢ ᠥᠪᠴᠢᠵᠦ ᠳᠡᠪᠡᠯ ᠬᠢᠵᠦ ᠠᠪᠴᠢᠷᠠ ᠭᠡᠵᠦ ᠲᠤᠰᠢᠶᠠᠵᠠᠢ᠃ ᠴᠢᠩᠭᠢᠭᠰᠡᠨ ᠳ᠋ᠦ᠍ ᠠᠭᠤᠯᠠ ᠶ᠋ᠢᠨ ᠬᠦᠦ ᠬᠢᠲᠤᠭ᠎ᠠ ᠪᠠᠨ ᠭᠠᠷᠭᠠᠵᠤ ᠲᠡᠷᠡ ᠠᠮᠢᠲᠠᠨ ᠤ᠋ ᠠᠷᠠᠰᠤ ᠶ᠋ᠢ ᠥᠪᠴᠢᠭᠡᠳ ᠤᠷᠠᠨ ᠣᠶᠣᠭᠠᠴᠢᠨ ᠢ᠋ ᠠᠪᠴᠢᠷᠠᠵᠤ ᠬᠠᠭᠠᠨ ᠳ᠋ᠤ᠌ ᠳᠡᠪᠡᠯ ᠬᠢᠵᠦ ᠪᠠᠷᠢᠪᠠ ᠭᠡᠨ᠎ᠡ᠃
ᠬᠠᠭᠠᠨ ᠲᠡᠷᠡ ᠳᠡᠪᠡᠯ ᠢ᠋ ᠡᠮᠦᠰᠴᠦ ᠲᠣᠯᠣᠭᠠᠢ ᠡᠷᠭᠢᠲᠡᠯ᠎ᠡ ᠪᠠᠶᠠᠷᠯᠠᠵᠤ ᠬᠠᠲᠤᠨ ᠳ᠋ᠠᠭᠠᠨ ᠦᠵᠡᠭᠦᠯᠦᠭᠰᠡᠨ ᠳ᠋ᠦ᠍᠂ ᠬᠠᠲᠤᠨ ᠨᠢ᠄《ᠡᠨᠡ ᠳᠡᠪᠡᠯ ᠦᠨᠡᠬᠡᠷ ᠰᠠᠢᠨ ᠭᠠᠭᠴᠠ ᠬᠠᠭᠠᠨ ᠤ᠋ ᠮᠠᠯᠠᠭᠠᠢ ᠪᠠᠬᠠᠨ ᠦᠵᠡᠮᠵᠢ ᠦᠭᠡᠢ ᠪᠠᠢᠨ᠎ᠠ᠃ ᠬᠡᠷᠪᠡ ᠮᠠᠩᠭᠤᠰ ᠤ᠋ᠨ ᠳᠠᠷᠢᠨᠴᠢᠨ ᠮᠠᠯᠠᠭᠠᠢ ᠶ᠋ᠢ ᠣᠯᠵᠤ ᠡᠮᠦᠰᠪᠡᠯ ᠣᠳᠣ ᠲᠠᠨ ᠠ᠋ᠴᠠ ᠢᠯᠡᠭᠦᠦ ᠬᠠᠭᠠᠨ ᠡᠵᠡᠨ ᠬᠠᠮᠢᠭ᠎ᠠ ᠠ᠋ᠴᠠ ᠣᠯᠳᠠᠬᠤ ᠪᠣᠢ》 ᠭᠡᠰᠡᠨ ᠳ᠋ᠦ᠍ ᠬᠠᠭᠠᠨ ᠪᠠᠬᠠᠨ ᠰᠡᠳᠬᠢᠯ ᠵᠣᠪᠠᠵᠤ᠄《ᠳᠠᠷᠢᠨᠴᠢᠨ ᠮᠠᠯᠠᠭᠠᠢ ᠭᠡᠭᠴᠢ ᠮᠠᠩᠭᠤᠰ ᠤ᠋ᠨ ᠮᠠᠯᠠᠭᠠᠢ ᠪᠠᠢᠨ᠎ᠠ᠃ ᠬᠡᠨ ᠠᠶᠤᠮᠰᠢᠭ ᠦᠭᠡᠢ ᠮᠠᠩᠭᠤᠰ ᠤ᠋ᠨ ᠲᠣᠯᠣᠭᠠᠢ ᠳᠡᠭᠡᠷ᠎ᠡ ᠡᠴᠡ ᠮᠠᠯᠠᠭᠠᠢ ᠶ᠋ᠢ ᠨᠢ ᠠᠪᠴᠤ ᠴᠢᠳᠠᠬᠤ ᠪᠣᠢ?》 ᠭᠡᠰᠡᠨ ᠳ᠋ᠦ᠍᠂ ᠬᠠᠲᠤᠨ ᠣᠳᠣ ᠡᠨᠡ ᠮᠠᠯᠠᠭᠠᠢ ᠶ᠋ᠢ ᠠᠪᠤᠭᠤᠯᠬᠤ ᠪᠠᠷ ᠠᠭᠤᠯᠠ ᠶ᠋ᠢᠨ ᠬᠦᠦ ᠶ᠋ᠢ ᠶᠠᠪᠤᠭᠤᠯᠬᠤ ᠦᠭᠡᠢ ᠶᠠᠭᠠᠬᠢᠵᠤ ᠪᠣᠯᠤᠨ᠎ᠠ᠃ ᠪᠣᠳᠣᠪᠠᠯ ᠠᠭᠤᠯᠠ ᠶ᠋ᠢᠨ ᠬᠦᠦ ᠮᠠᠩᠭᠤᠰ ᠲᠤ᠌ ᠣᠴᠢᠵᠤ ᠨᠡᠷ᠎ᠡ ᠦᠭᠡᠢ ᠠᠯᠠᠭᠳᠠᠬᠤ ᠪᠣᠯᠤᠨ᠎ᠠ᠃ ᠦᠭᠡᠢ ᠪᠣᠯ ᠡᠨᠡ ᠬᠥᠮᠦᠨ ᠬᠡᠷᠪᠡ ᠠᠮᠢᠳᠤ ᠶᠠᠪᠤᠪᠠᠯ ᠬᠣᠵᠢᠮ ᠮᠠᠨ ᠳ᠋ᠤ᠌ ᠠᠰᠢᠭ ᠦᠭᠡᠢ ᠶᠤᠮ᠃ ᠶᠠᠭᠠᠬᠢᠪᠠᠴᠤ ᠡᠭᠦᠨ ᠢ᠋ ᠠᠷᠭᠠᠯᠠᠵᠤ ᠪᠠᠢᠭᠠᠳ ᠠᠯᠠᠶ᠎ᠠ ᠭᠡᠵᠦ ᠪᠣᠳᠣᠭᠠᠳ ᠬᠡᠯᠡᠭᠰᠡᠨ ᠨᠢ᠄《ᠮᠠᠩᠭᠤᠰ ᠤ᠋ᠨ ᠳᠠᠷᠢᠨᠴᠢᠨ ᠮᠠᠯᠠᠭᠠᠢ ᠶ᠋ᠢ ᠥᠭᠡᠷ᠎ᠡ ᠬᠥᠮᠦᠨ ᠣᠴᠢᠵᠤ ᠠᠪᠴᠢᠷᠠᠵᠤ ᠴᠢᠳᠠᠬᠤ ᠦᠭᠡᠢ᠃ ᠠᠭᠤᠯᠠ ᠶ᠋ᠢᠨ ᠬᠦᠦ ᠰᠢᠭ ᠪᠠᠭᠠᠲᠤᠷ ᠡᠷ᠎ᠡ ᠰᠠᠶᠢ ᠠᠪᠴᠢᠷᠠᠵᠤ ᠴᠢᠳᠠᠨ᠎ᠠ》 ᠭᠡᠰᠡᠨ ᠳ᠋ᠦ᠍ ᠬᠠᠭᠠᠨ ᠳᠠᠷᠤᠢ ᠠᠭᠤᠯᠠ ᠶ᠋ᠢᠨ ᠬᠦᠦ ᠳᠠᠭᠤᠳᠠᠭᠠᠳ ᠵᠠᠷᠯᠢᠭ ᠪᠣᠯᠤᠭᠰᠠᠨ ᠨᠢ᠄《ᠴᠢ ᠣᠴᠢᠵᠤ ᠮᠠᠩᠭᠤᠰ ᠤ᠋ᠨ ᠳᠠᠷᠢᠨᠴᠢᠨ ᠮᠠᠯᠠᠭᠠᠢ ᠶ᠋ᠢ ᠨᠠᠳᠠ ᠣᠯᠵᠤ ᠠᠪᠴᠢᠷᠠ! ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ》 ᠭᠡᠵᠦ ᠶᠠᠪᠤᠭᠤᠯᠪᠠ ᠭᠡᠨ᠎ᠡ᠃
ᠴᠢᠩᠭᠢᠭᠡᠳ ᠠᠭᠤᠯᠠ ᠶ᠋ᠢᠨ ᠬᠦᠦ ᠭᠠᠯᠵᠠᠭᠤ ᠬᠦᠯᠦᠭ ᠲᠡᠭᠡᠨ ᠮᠣᠷᠳᠠᠵᠤ ᠶᠠᠪᠤᠭᠰᠠᠭᠠᠷ ᠪᠠᠷᠲᠠᠭ᠎ᠠ ᠲᠠᠢ ᠳᠠᠪᠠᠭ᠎ᠠ ᠶ᠋ᠢ ᠳᠠᠪᠠᠵᠤ᠂ ᠨᠢᠭᠡᠨ ᠪᠣᠷᠣ ᠭᠡᠷ ᠲᠦ᠍ ᠪᠠᠭᠤᠭᠰᠠᠨ ᠳ᠋ᠤ᠌ ᠭᠤᠷᠪᠠᠨ ᠰᠠᠢᠬᠠᠨ ᠥᠬᠢᠨ ᠰᠠᠭᠤᠵᠤ᠂ ᠨᠢᠭᠡ ᠨᠢ ᠤᠬᠢᠯᠠᠵᠤ᠂ ᠨᠢᠭᠡ ᠨᠢ ᠳᠠᠭᠤᠯᠠᠵᠤ᠂ ᠨᠢᠭᠡ ᠨᠢ ᠢᠨᠢᠶᠡᠵᠦ ᠪᠠᠢᠬᠤ ᠶ᠋ᠢ ᠦᠵᠡᠭᠡᠳ ᠳᠣᠲᠣᠷ᠎ᠠ ᠪᠠᠨ ᠪᠠᠬᠠᠨ ᠰᠣᠨᠢᠷᠬᠠᠵᠤ ᠠᠰᠠᠭᠤᠭᠰᠠᠨ ᠳ᠋ᠤ᠌᠂ ᠲᠡᠷᠡ ᠭᠤᠷᠪᠠᠨ ᠥᠬᠢᠨ ᠦ᠌ ᠬᠠᠷᠢᠭᠤᠯᠤᠭᠰᠠᠨ ᠨᠢ᠄ ᠪᠢᠳᠡ ᠪᠣᠯ ᠬᠠᠭᠠᠨ ᠭᠠᠷᠤᠳᠢ ᠶ᠋ᠢᠨ ᠠᠷᠪᠠᠨ ᠭᠤᠷᠪᠠᠨ ᠥᠬᠢᠨ ᠦ᠌ ᠬᠠᠮᠤᠭ ᠤ᠋ᠨ ᠪᠠᠭ᠎ᠠ ᠨᠢ ᠶᠤᠮ᠃ ᠵᠡᠭᠦᠨ ᠬᠣᠢᠨ᠎ᠠ ᠨᠢᠭᠡᠨ ᠠᠪᠤᠷᠭᠤ ᠮᠣᠭᠠᠢ ᠢᠷᠡᠵᠦ ᠨᠤᠲᠤᠭᠯᠠᠭᠠᠳ ᠮᠠᠨ ᠤ᠋ ᠠᠷᠪᠠᠨ ᠡᠭᠡᠴᠢ ᠶ᠋ᠢ ᠪᠠᠷᠢᠵᠤ ᠵᠠᠯᠭᠢᠪᠠ᠃ ᠡᠬᠡ ᠮᠢᠨᠢ ᠬᠡᠳᠦᠨ ᠤᠳᠠᠭ᠎ᠠ ᠲᠤᠯᠤᠯᠳᠤᠭᠰᠠᠨ ᠪᠣᠯᠪᠠᠴᠤ ᠶᠡᠷᠦ ᠠᠪᠤᠷᠭᠤ ᠮᠣᠭᠠᠢ ᠶ᠋ᠢ ᠲᠠᠢᠯᠵᠤ ᠴᠢᠳᠠᠭᠰᠠᠨ ᠦᠭᠡᠢ᠃ ᠣᠳᠣ ᠪᠢᠳᠡ ᠭᠤᠷᠪᠠᠭᠤᠯᠠ ᠶ᠋ᠢ ᠪᠠᠰᠠ ᠵᠠᠯᠭᠢᠬᠤ ᠪᠣᠯᠵᠤ ᠪᠠᠢᠨ᠎ᠠ᠃ ᠪᠢᠳᠡ ᠭᠤᠷᠪᠠᠭᠤᠯᠠ ᠶ᠋ᠢᠨ ᠥᠨᠥᠳᠥᠷ ᠵᠠᠯᠭᠢᠭᠳᠠᠬᠤ ᠨᠢ ᠤᠬᠢᠯᠠᠵᠤ᠂ ᠮᠠᠷᠭᠠᠰᠢ ᠵᠠᠯᠭᠢᠭᠳᠠᠬᠤ ᠨᠢ ᠳᠠᠭᠤᠯᠠᠵᠤ᠂ ᠨᠥᠭᠥᠭᠡᠳᠦᠷ ᠵᠠᠯᠭᠢᠭᠳᠠᠬᠤ ᠨᠢ ᠢᠨᠢᠶᠡᠵᠦ ᠪᠠᠢᠨ᠎ᠠ ᠭᠡᠰᠡᠨ ᠳ᠋ᠦ᠍᠂ ᠠᠭᠤᠯᠠ ᠶ᠋ᠢᠨ ᠬᠦᠦ ᠵᠧ! ᠡᠭᠡᠴᠢ ᠳᠡᠭᠦᠦ ᠨᠠᠷ ᠮᠢᠨᠢ ᠵᠣᠪᠠᠬᠤ ᠦᠭᠡᠢ ᠰᠠᠭᠤᠭᠠᠷᠠᠢ᠃ ᠪᠢ ᠲᠠᠨ ᠳ᠋ᠤ᠌ ᠠᠯᠠᠵᠤ ᠥᠭᠭᠦᠶ᠎ᠡ ᠭᠡᠳ ᠭᠠᠯᠵᠠᠭᠤ ᠬᠢᠯᠢᠩ ᠳ᠋ᠡᠭᠡᠨ ᠮᠣᠷᠳᠠᠵᠤ ᠵᠡᠭᠦᠨ ᠬᠣᠢᠲᠤ ᠵᠦᠭ ᠭᠠᠷᠴᠤ ᠠᠪᠤᠷᠭᠤ ᠮᠣᠭᠠᠢ ᠶ᠋ᠢᠨ ᠢᠷᠡᠬᠦ ᠵᠠᠮ ᠢ᠋ ᠬᠥᠨᠳᠡᠯᠢᠳᠴᠦ ᠬᠦᠯᠢᠶᠡᠨ ᠪᠠᠢᠲᠠᠯ᠎ᠠ᠂ ᠭᠡᠨᠡᠳᠲᠡ ᠲᠩᠷᠢ ᠲᠤᠯᠤᠮ᠎ᠠ ᠲᠣᠭᠣᠰᠣ ᠪᠣᠰᠴᠤ᠂ ᠡᠯᠡᠰᠦ ᠬᠡᠢᠰᠴᠦ᠂ ᠮᠣᠳᠣ ᠴᠢᠯᠠᠭᠤ ᠬᠥᠳᠡᠯᠦᠨ᠂ ᠬᠠᠷᠠᠵᠤ ᠪᠠᠢᠲᠠᠯ᠎ᠠ ᠨᠢᠭᠡᠨ ᠲᠣᠮᠣ ᠠᠪᠤᠷᠭᠤ ᠮᠣᠭᠠᠢ ᠠᠮᠠ ᠪᠠᠨ ᠠᠩᠭᠠᠢᠵᠤ ᠢᠷᠡᠬᠦ ᠳ᠋ᠦ᠍ ᠠᠭᠤᠯᠠ ᠶ᠋ᠢᠨ ᠬᠦᠦ᠂ ᠭᠠᠩ ᠪᠣᠯᠣᠳ ᠨᠤᠮᠤ ᠪᠠᠨ ᠲᠠᠲᠠᠵᠤ ᠪᠣᠷᠣᠭᠠᠨ ᠰᠤᠮᠤ ᠪᠠᠨ ᠣᠨᠢᠯᠠᠭᠠᠳ ᠴᠢᠳᠠᠯ ᠤ᠋ᠨ ᠴᠢᠨᠡᠭᠡ ᠪᠡᠷ ᠢ᠋ᠶ᠋ᠡᠨ ᠳᠡᠯᠢᠵᠦ ᠰᠠᠷ᠎ᠠ ᠰᠢᠭ᠋ ᠲᠥᠭᠥᠷᠢᠭᠬᠡᠨ ᠪᠣᠯᠭᠠᠭᠠᠳ ᠠᠪᠤᠷᠭᠤ ᠮᠣᠭᠠᠢ ᠶ᠋ᠢᠨ ᠠᠮᠠᠨ ᠳ᠋ᠤᠨᠢ ᠰᠢᠪᠲᠤ ᠬᠠᠷᠪᠤᠨ ᠣᠷᠣᠭᠤᠯᠤᠭᠰᠠᠨ ᠳ᠋ᠤ᠌ ᠠᠪᠤᠷᠭᠤ ᠮᠣᠭᠠᠢ ᠠᠷᠪᠠᠨ ᠠᠯᠲᠠ ᠬᠠᠷᠠᠢᠯᠠᠵᠤ ᠠᠭᠴᠠᠰ ᠭᠡᠵᠦ ᠠᠲᠤᠷᠢᠨ ᠠᠮᠢ ᠪᠠᠨ ᠲᠠᠯᠪᠢᠵᠤ ᠦᠬᠦᠪᠡ ᠭᠡᠨ᠎ᠡ᠃
ᠴᠢᠩᠭᠢᠭᠡᠳ ᠭᠤᠷᠪᠠᠨ ᠰᠠᠢᠬᠠᠨ ᠥᠬᠢᠨ ᠦ᠌ ᠬᠠᠮᠲᠤ ᠠᠭᠤᠯᠠ ᠶ᠋ᠢᠨ ᠬᠦᠦ ᠠᠪᠤᠷᠭᠤ ᠮᠣᠭᠠᠢ ᠶ᠋ᠢ ᠲᠣᠭᠣᠷᠢᠵᠤ ᠠᠵᠢᠭᠯᠠᠨ ᠬᠠᠷᠠᠵᠤ ᠪᠠᠢᠲᠠᠯ᠎ᠠ ᠨᠢᠭᠡᠨ ᠬᠡᠰᠡᠭ ᠴᠠᠭᠠᠨ ᠡᠭᠦᠯᠡ ᠲᠣᠯᠣᠭᠠᠢ ᠳᠡᠭᠡᠭᠦᠷ ᠨᠢ ᠡᠷᠭᠢᠭᠰᠡᠨ ᠳ᠋ᠦ᠍ ᠭᠤᠷᠪᠠᠨ ᠥᠬᠢᠨ ᠴᠤᠭᠭᠠᠷ ᠢ᠋ᠶ᠋ᠠᠨ ᠡᠵᠢ ᠮᠢᠨᠢ ᠢᠷᠡᠪᠡ ᠭᠡᠰᠡᠨ ᠳ᠋ᠦ᠍ ᠴᠠᠭᠠᠨ ᠡᠭᠦᠯᠡ ᠯᠠᠪᠠᠰᠬᠢᠵᠤ ᠪᠠᠭᠤᠨ ᠢᠷᠡᠭᠡᠳ ᠬᠠᠨ ᠭᠠᠷᠤᠳᠢ ᠪᠣᠯᠤᠭᠠᠳ᠂ ᠠᠭᠤᠯᠠ ᠶ᠋ᠢᠨ ᠬᠦᠦ ᠶ᠋ᠢ ᠡᠨᠡ ᠬᠡᠨ ᠪᠣᠢ? ᠭᠡᠰᠡᠨ ᠳ᠋ᠦ᠍ ᠥᠬᠢᠳ ᠨᠢ ᠡᠨᠡ ᠪᠣᠯ ᠮᠠᠨ ᠤ᠋ ᠠᠮᠢ ᠶ᠋ᠢ ᠠᠪᠤᠷᠠᠭᠰᠠᠨ ᠬᠥᠮᠦᠨ ᠪᠠᠢᠨ᠎ᠠ ᠭᠡᠪᠡ᠃ ᠬᠠᠨ ᠭᠠᠷᠤᠳᠢ ᠶᠡᠬᠡ ᠪᠠᠶᠠᠷᠯᠠᠵᠤ᠄ ᠬᠦᠦ ᠬᠠᠮᠢᠭ᠎ᠠ ᠠ᠋ᠴᠠ ᠬᠠᠮᠢᠭᠠᠰᠢ ᠶᠠᠪᠤᠵᠤ ᠪᠠᠢᠨ᠎ᠠ ᠪᠣᠢ? ᠠᠯᠤᠰ ᠤ᠋ᠨ ᠵᠣᠷᠢᠯᠭ᠎ᠠ ᠶᠠᠭᠤ ᠪᠣᠢ? ᠡᠵᠢ ᠳ᠋ᠡᠭᠡᠨ ᠬᠡᠯᠡ! ᠲᠤᠰᠠᠯᠠᠬᠤ ᠬᠡᠷᠡᠭ ᠪᠠᠢᠪᠠᠯ ᠭᠤᠷᠪᠠᠨ ᠥᠬᠢᠨ ᠦ᠌ ᠠᠮᠢ ᠶ᠋ᠢ ᠠᠪᠤᠷᠠᠭᠰᠠᠨ ᠠᠴᠢ ᠳ᠋ᠤ᠌ ᠴᠢᠨᠢ ᠭᠤᠷᠪᠠᠨ ᠤᠳᠠᠭ᠎ᠠ ᠲᠤᠰᠠᠯᠠᠵᠤ ᠥᠭᠭᠦᠶ᠎ᠡ ᠭᠡᠰᠡᠨ ᠳ᠋ᠦ᠍ ᠠᠭᠤᠯᠠ ᠶ᠋ᠢᠨ ᠬᠦᠦ ᠬᠠᠷᠢᠭᠤ ᠳ᠋ᠤᠨᠢ ᠬᠡᠯᠡᠭᠰᠡᠨ ᠨᠢ᠄《ᠮᠠᠩᠭᠤᠰ ᠤ᠋ᠨ ᠲᠠᠷᠢᠨᠴᠢᠨ ᠮᠠᠯᠠᠭᠠᠢ ᠶ᠋ᠢ ᠠᠪᠬᠤ ᠪᠠᠷ ᠶᠠᠪᠤᠵᠤ ᠪᠠᠢᠨ᠎ᠠ᠃ ᠬᠡᠷᠪᠡ ᠮᠠᠩᠭᠤᠰ ᠤ᠋ᠨ ᠮᠠᠯᠠᠭᠠᠢ ᠶ᠋ᠢ ᠣᠯᠬᠤ ᠦᠭᠡᠢ ᠪᠣᠯ ᠬᠠᠭᠠᠨ᠂ ᠲᠣᠯᠣᠭᠠᠢ ᠶ᠋ᠢ ᠮᠢᠨᠢ ᠠᠪᠤᠨ᠎ᠠ ᠭᠡᠵᠦ ᠪᠠᠢᠨ᠎ᠠ》 ᠭᠡᠵᠦ ᠬᠡᠯᠡᠭᠰᠡᠨ ᠳ᠋ᠦ᠍ ᠬᠠᠨ ᠭᠠᠷᠤᠳᠢ᠄《ᠠ! ᠡᠭᠦᠨ ᠢ᠋ ᠪᠦᠲᠦᠭᠡᠵᠦ ᠴᠢᠳᠠᠨ᠎ᠠ᠃ ᠴᠢ ᠮᠢᠨᠦ ᠳᠡᠭᠡᠷ᠎ᠡ ᠤᠨᠤᠭᠲᠤᠨ》 ᠭᠡᠵᠦ ᠤᠨᠤᠭᠤᠯᠤᠭᠠᠳ ᠨᠢᠰᠦᠨ ᠪᠣᠰᠴᠤ ᠮᠠᠩᠭᠤᠰ ᠤ᠋ᠨ ᠨᠤᠲᠤᠭ ᠵᠦᠭ ᠢᠷᠡᠬᠦ ᠳ᠋ᠡᠭᠡᠨ᠂ ᠬᠠᠨ ᠭᠠᠷᠤᠳᠢ ᠠᠭᠤᠯᠠ ᠶ᠋ᠢᠨ ᠬᠦᠦ ᠳ᠋ᠦ᠍ ᠰᠤᠷᠭᠠᠭᠰᠠᠨ ᠨᠢ᠄《ᠮᠠᠩᠭᠤᠰ ᠤ᠋ᠨ ᠭᠡᠷ ᠲᠦ᠍ ᠬᠦᠷᠦᠭᠡᠳ᠂ ᠴᠢ ᠮᠢᠨᠦ ᠵᠡᠭᠦᠨ ᠳᠠᠯᠠᠪᠴᠢᠨ ᠳᠡᠭᠡᠷ᠎ᠡ ᠰᠠᠭᠤᠵᠤ ᠰᠠᠯᠬᠤ ᠦᠭᠡᠢ ᠪᠡᠷ ᠠᠳᠬᠤᠵᠤ᠂ ᠮᠠᠩᠭᠤᠰ ᠭᠤᠸᠠᠢ᠂ ᠮᠠᠩᠭᠤᠰ ᠭᠤᠸᠠᠢ ᠲᠦᠷᠭᠡᠨ ᠭᠠᠷᠴᠤ ᠢᠷᠡᠭᠡᠳ ᠨᠠᠷᠠ ᠪᠠᠷᠠᠭᠤᠨ ᠠ᠋ᠴᠠ ᠭᠠᠷᠬᠤ ᠶ᠋ᠢ ᠦᠵᠡᠭᠡᠷᠡᠢ ᠭᠡᠵᠦ ᠬᠠᠰᠬᠢᠷ! ᠴᠢᠩᠭᠢᠪᠡᠯ ᠪᠢ ᠮᠠᠩᠭᠤᠰ ᠢ᠋ ᠪᠠᠷᠢᠵᠤ ᠳᠡᠭᠳᠡᠨ᠎ᠡ᠃ ᠴᠢ ᠶᠠᠭᠠᠬᠢᠪᠠᠴᠤ ᠵᠢᠭᠦᠷ ᠳᠡᠭᠡᠷ᠎ᠡ ᠮᠢᠨᠢ ᠨᠠᠭᠠᠯᠳᠤᠵᠤ ᠪᠢᠲᠡᠭᠡᠢ ᠰᠠᠯᠤᠭᠠᠷᠠᠢ!》 ᠭᠡᠵᠦ ᠰᠤᠷᠭᠠᠭᠠᠳ ᠤᠳᠠᠭᠰᠠᠨ ᠦᠭᠡᠢ ᠮᠠᠩᠭᠤᠰ ᠤ᠋ᠨ ᠭᠡᠷ ᠦ᠋ᠨ ᠣᠷᠣᠢ ᠳᠡᠭᠡᠷ᠎ᠡ ᠨᠢ ᠪᠠᠭᠤᠵᠤ ᠢᠷᠡᠭᠡᠳ ᠠᠭᠤᠯᠠ ᠶ᠋ᠢᠨ ᠬᠦᠦ ᠶ᠋ᠢ ᠵᠡᠭᠦᠨ ᠳᠠᠯᠠᠪᠴᠢ ᠳᠡᠭᠡᠷ᠎ᠡ ᠪᠡᠨ ᠰᠠᠭᠤᠯᠭᠠᠭᠰᠠᠨ ᠳ᠋ᠤ᠌ ᠠᠭᠤᠯᠠ ᠶ᠋ᠢᠨ ᠬᠦᠦ《ᠮᠠᠩᠭᠤᠰ ᠭᠤᠸᠠᠢ! ᠲᠦᠷᠭᠡᠨ ᠭᠠᠷᠴᠤ ᠢᠷᠡᠭᠡᠳ ᠨᠠᠷᠠ ᠪᠠᠷᠠᠭᠤᠨ ᠠ᠋ᠴᠠ ᠭᠠᠷᠴᠤ ᠪᠠᠢᠬᠤ ᠶ᠋ᠢ ᠦᠵᠡᠭᠡᠷᠡᠢ》 ᠭᠡᠰᠡᠨ ᠳ᠋ᠦ᠍ ᠭᠡᠷ ᠲᠡᠭᠡᠨ ᠰᠠᠭᠤᠵᠤ ᠰᠦ ᠲᠡᠢ ᠴᠠᠢ ᠤᠤᠭᠤᠵᠤ ᠪᠠᠢᠭᠰᠠᠨ ᠮᠠᠩᠭᠤᠰ ᠰᠣᠨᠣᠰᠤᠭᠠᠳ ᠶᠠᠭᠠᠬᠢᠭᠰᠠᠨ ᠵᠥᠭᠡᠯᠡᠨ ᠳᠠᠭᠤᠨ ᠲᠠᠢ ᠶᠤᠮ ᠭᠡᠵᠦ《ᠬᠡ ᠬᠡ᠂ ᠬᠠ ᠬᠠ 》ᠭᠡᠭᠰᠡᠭᠡᠷ ᠭᠠᠷᠴᠤ ᠢᠷᠡᠬᠦ ᠳ᠋ᠦ᠍ ᠬᠠᠨ ᠭᠠᠷᠤᠳᠢ ᠠᠭᠤᠯᠠ ᠶ᠋ᠢᠨ ᠬᠦᠦ ᠴᠢ ᠯᠠᠪᠳᠠᠭᠤᠨ ᠰᠠᠭᠤᠭᠲᠤᠨ ᠭᠡᠵᠦ ᠮᠠᠩᠭᠤᠰ ᠤ᠋ᠨ ᠮᠠᠯᠠᠭᠠᠢ ᠠ᠋ᠴᠠ ᠨᠢ ᠠᠪᠴᠤ ᠮᠢᠩᠭᠠᠨ ᠵᠠᠩ ᠳᠡᠭᠡᠭᠰᠢ ᠳᠠᠪᠬᠢᠷᠤᠨ ᠭᠠᠷᠤᠭᠰᠠᠨ ᠳ᠋ᠤ᠌ ᠮᠠᠩᠭᠤᠰ ᠮᠠᠯᠠᠭᠠᠢ ᠶ᠋ᠢᠨ ᠰᠠᠭᠠᠯᠳᠤᠷᠭ᠎ᠠ ᠳ᠋ᠠᠭᠠᠨ ᠡᠷᠡᠦ ᠪᠡᠨ ᠳᠡᠭᠦᠵᠢᠯᠡᠭᠳᠡᠵᠦ ᠰᠠᠭᠠᠯᠳᠤᠷᠭ᠎ᠠ ᠨᠢ ᠲᠠᠰᠤᠷᠠᠬᠤ ᠦᠭᠡᠢ ᠮᠠᠩᠭᠤᠰ ᠢ᠋ ᠵᠣᠪᠠᠭᠠᠨ ᠪᠠᠢᠲᠠᠯ᠎ᠠ ᠠᠭᠤᠯᠠ ᠶ᠋ᠢᠨ ᠬᠦᠦ ᠲᠡᠮᠦᠷ ᠪᠣᠯᠣᠳ ᠨᠤᠮᠤ ᠪᠠᠷ ᠢ᠋ᠶ᠋ᠠᠨ ᠮᠠᠩᠭᠤᠰ ᠤ᠋ᠨ ᠲᠣᠯᠣᠭᠠᠢ ᠶ᠋ᠢ ᠬᠦᠴᠦᠯᠡᠨ ᠳᠡᠯᠡᠳᠦᠭᠰᠡᠨ ᠳ᠋ᠦ᠍ ᠮᠠᠩᠭᠤᠰ ᠤ᠋ᠨ ᠮᠠᠯᠠᠭᠠᠢ ᠶ᠋ᠢᠨ ᠰᠠᠭᠠᠯᠳᠤᠷᠭ᠎ᠠ ᠨᠢ ᠲᠠᠰᠤ ᠣᠴᠢᠵᠤ ᠮᠠᠩᠭᠤᠰ ᠭᠠᠵᠠᠷ ᠤᠨᠠᠭᠠᠳ ᠶᠡᠬᠡ ᠯᠡ ᠠᠭᠤᠷᠯᠠᠵᠤ ᠭᠡᠷ ᠲᠡᠭᠡᠨ ᠣᠷᠣᠵᠤ ᠨᠤᠮᠤ ᠰᠤᠮᠤ ᠪᠠᠨ ᠠᠪᠴᠤ ᠭᠠᠷᠴᠤ ᠢᠷᠡᠭᠰᠡᠨ ᠳ᠋ᠦ᠍᠂ ᠴᠡᠯᠮᠡᠭ ᠰᠠᠢᠬᠠᠨ ᠣᠭᠲᠠᠷᠭᠤᠢ ᠳ᠋ᠤ᠌ ᠶᠠᠭᠤ ᠴᠤ᠌ ᠪᠠᠢᠭᠰᠠᠨ ᠦᠭᠡᠢ᠃ ᠮᠠᠩᠭᠤᠰ ᠭᠡᠨᠡᠳᠲᠡ ᠪᠠᠷᠢᠭᠳᠠᠵᠤ ᠳᠡᠭᠦᠵᠢᠯᠡᠭᠳᠡᠭᠰᠡᠨ ᠲᠤᠯᠠ ᠪᠠᠬᠠᠨ ᠤᠬᠠᠭᠠᠨ ᠠᠯᠳᠠᠵᠤ᠂ ᠬᠠᠮᠢᠭ᠎ᠠ ᠠ᠋ᠴᠠ ᠶᠠᠭᠤ ᠢᠷᠡᠵᠦ ᠬᠠᠮᠢᠭᠠᠰᠢ ᠶᠠᠪᠤᠭᠰᠠᠨ ᠢ᠋ ᠣᠯᠵᠤ ᠮᠡᠳᠡᠭᠰᠡᠨ ᠦᠭᠡᠢ ᠭᠡᠨ᠎ᠡ᠃ ᠴᠢᠩᠭᠢᠭᠡᠳ ᠬᠠᠨ ᠭᠠᠷᠤᠳᠢ ᠭᠡᠷ ᠲᠡᠭᠡᠨ ᠨᠢᠰᠦᠨ ᠬᠠᠷᠢᠵᠤ ᠢᠷᠡᠭᠡᠳ ᠮᠠᠩᠭᠤᠰ ᠤ᠋ᠨ ᠲᠠᠷᠢᠨᠴᠢᠨ ᠮᠠᠯᠠᠭᠠᠢ ᠶ᠋ᠢ ᠠᠭᠤᠯᠠ ᠶ᠋ᠢᠨ ᠬᠦᠦ ᠳ᠋ᠦ᠍ ᠥᠭᠴᠦ ᠬᠠᠷᠢᠭᠤᠯᠵᠠᠢ᠃
ᠠᠭᠤᠯᠠ ᠶ᠋ᠢᠨ ᠬᠦᠦ ᠬᠠᠷᠢᠵᠤ ᠢᠷᠡᠭᠡᠳ ᠬᠠᠭᠠᠨ ᠳ᠋ᠤ᠌ ᠮᠠᠩᠭᠤᠰ ᠤ᠋ᠨ ᠮᠠᠯᠠᠭᠠᠢ ᠶ᠋ᠢ ᠪᠠᠷᠢᠭᠰᠠᠨ ᠳ᠋ᠤ᠌ ᠬᠠᠭᠠᠨ ᠶᠡᠬᠡᠯ᠎ᠡ ᠪᠠᠶᠠᠷᠯᠠᠵᠤ ᠬᠠᠲᠤᠨ ᠳ᠋ᠠᠭᠠᠨ ᠦᠵᠡᠭᠦᠯᠦᠭᠰᠡᠨ ᠳ᠋ᠦ᠍ ᠬᠠᠲᠤᠨ ᠨᠢ᠄《ᠮᠠᠩᠭᠤᠰ ᠴᠤ᠌ ᠠᠭᠤᠯᠠ ᠶ᠋ᠢᠨ ᠬᠦᠦ ᠶ᠋ᠢ ᠠᠯᠠᠵᠤ ᠴᠢᠳᠠᠭᠰᠠᠨ ᠦᠭᠡᠢ ᠠᠮᠢᠳᠤ ᠬᠠᠷᠢᠵᠤ ᠢᠷᠡᠪᠡ᠃ ᠣᠳᠣ ᠶᠠᠮᠠᠷ ᠠᠷᠭ᠎ᠠ ᠪᠠᠷ ᠡᠭᠦᠨ ᠢ᠋ ᠠᠷᠢᠯᠭᠠᠬᠤ ᠪᠣᠢ》 ᠭᠡᠵᠦ ᠪᠣᠳᠣᠭᠠᠳ ᠭᠡᠨᠡᠳᠲᠡ ᠨᠢᠭᠡᠨ ᠠᠷᠭ᠎ᠠ ᠣᠯᠵᠤ ᠬᠡᠯᠡᠭᠰᠡᠨ ᠨᠢ᠄《ᠡᠵᠡᠨ ᠲᠠ ᠡᠨᠡ ᠰᠠᠢᠬᠠᠨ ᠳᠡᠪᠡᠯ ᠲᠠᠷᠢᠨᠴᠢᠨ ᠮᠠᠯᠠᠭᠠᠢ ᠶ᠋ᠢ ᠡᠮᠦᠰᠴᠦ ᠦᠨᠡᠬᠡᠷ ᠶᠢᠷᠲᠢᠨᠴᠦ ᠳ᠋ᠦ᠍ ᠬᠣᠣᠰ ᠦᠭᠡᠢ ᠪᠣᠯᠪᠠ᠃ ᠭᠠᠭᠴᠠ ᠲᠩᠷᠢ ᠶ᠋ᠢᠨ ᠳᠠᠭᠢᠨᠢᠰ ᠢ᠋ᠶ᠋ᠠᠷ ᠪᠠᠭ᠎ᠠ ᠬᠠᠲᠤᠨ ᠪᠣᠯᠭᠠᠬᠤ ᠴᠢᠨᠢ ᠳᠤᠲᠠᠭᠳᠠᠵᠤ ᠪᠠᠢᠨ᠎ᠠ》 ᠭᠡᠰᠡᠨ ᠳ᠋ᠦ᠍ ᠬᠠᠭᠠᠨ ᠨᠢ᠄《ᠲᠡᠢᠮᠦ ᠭᠡᠵᠦ᠂ ᠬᠡᠨ ᠢ᠋ ᠶᠠᠪᠤᠭᠤᠯᠵᠤ ᠲᠩᠷᠢ ᠶ᠋ᠢᠨ ᠳᠠᠭᠢᠨᠢᠰ ᠢ᠋ ᠣᠯᠵᠤ ᠢᠷᠡᠭᠦᠯᠬᠦ ᠪᠣᠢ》 ᠭᠡᠰᠡᠨ ᠳ᠋ᠦ᠍᠂ ᠬᠠᠲᠤᠨ ᠨᠢ᠄《ᠠᠭᠤᠯᠠ ᠶ᠋ᠢᠨ ᠬᠦᠦ ᠪᠠᠢᠬᠤ ᠦᠭᠡᠢ ᠤᠤ》ᠭᠡᠰᠡᠨ ᠳ᠋ᠦ᠍᠂ ᠬᠠᠭᠠᠨ᠄《ᠲᠡᠢᠮᠦ ᠲᠡᠢᠮᠦ》 ᠭᠡᠵᠦ ᠠᠭᠤᠯᠠ ᠶ᠋ᠢᠨ ᠬᠦᠦ ᠶ᠋ᠢ ᠳᠠᠭᠤᠳᠠᠭᠠᠳ᠄《ᠴᠢ ᠣᠴᠢᠵᠤ ᠲᠩᠷᠢ ᠶ᠋ᠢᠨ ᠳᠠᠭᠢᠨᠢᠰ ᠢ᠋ ᠣᠯᠵᠤ ᠢᠷ᠎ᠡ ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ》 ᠭᠡᠰᠡᠨ ᠳ᠋ᠦ᠍ ᠠᠭᠤᠯᠠ ᠶ᠋ᠢᠨ ᠬᠦᠦ᠂《ᠬᠠᠭᠠᠨ ᠡᠵᠡᠨ ᠮᠢᠨᠢ ᠥᠭᠡᠷ᠎ᠡ ᠶᠠᠭᠤ ᠴᠤ᠌ ᠪᠣᠯᠤᠨ᠎ᠠ᠃ ᠲᠩᠷᠢ ᠶ᠋ᠢᠨ ᠳᠠᠭᠢᠨᠢᠰ ᠢ᠋ ᠶᠠᠭᠠᠬᠢᠵᠤ ᠣᠯᠵᠤ ᠴᠢᠳᠠᠬᠤ ᠪᠣᠢ?》 ᠭᠡᠰᠡᠨ ᠳ᠋ᠦ᠍ ᠬᠠᠭᠠᠨ ᠶᠡᠬᠡ ᠠᠭᠤᠷᠯᠠᠵᠤ《ᠬᠡᠯᠡᠭᠰᠡᠨ ᠦᠭᠡ ᠮᠢᠨᠢ ᠬᠠᠤᠯᠢ ᠪᠠᠢᠳᠠᠭ》 ᠭᠡᠵᠦ ᠠᠭᠤᠯᠠ ᠶ᠋ᠢᠨ ᠬᠦᠦ ᠶ᠋ᠢ ᠬᠥᠭᠡᠭᠡᠨ ᠭᠠᠷᠭᠠᠪᠠ ᠭᠡᠨ᠎ᠡ᠃
ᠴᠢᠩᠭᠢᠭᠡᠳ ᠠᠭᠤᠯᠠ ᠶ᠋ᠢᠨ ᠬᠦᠦ ᠠᠷᠭ᠎ᠠ ᠦᠭᠡᠢ ᠪᠣᠯᠵᠤ ᠬᠠᠨ ᠭᠠᠷᠤᠳᠢ ᠪᠠᠨ ᠡᠷᠢᠵᠦ ᠢᠷᠡᠭᠰᠡᠨ ᠳ᠋ᠦ᠍᠂ ᠬᠠᠨ ᠭᠠᠷᠤᠳᠢ ᠡᠭᠦᠨ ᠢ᠋ ᠪᠦᠲᠦᠭᠡᠵᠦ ᠴᠢᠳᠠᠨ᠎ᠠ ᠭᠡᠳ᠂ ᠠᠭᠤᠯᠠ ᠶ᠋ᠢᠨ ᠬᠦᠦ ᠶ᠋ᠢ ᠮᠥᠷᠦᠨ ᠳᠡᠭᠡᠷ᠎ᠡ ᠪᠡᠨ ᠰᠠᠭᠤᠯᠭᠠᠵᠤ ᠨᠢᠰᠦᠨ ᠶᠠᠪᠤᠭᠰᠠᠭᠠᠷ ᠨᠢᠭᠡᠨ ᠠᠢᠯ ᠳ᠋ᠤ᠌ ᠪᠠᠭᠤᠭᠰᠠᠨ ᠳ᠋ᠤ᠌ ᠲᠡᠷᠡ ᠠᠢᠯ ᠳ᠋ᠤᠨᠢ ᠡᠮᠡᠭᠡᠨ ᠡᠪᠦᠭᠡᠨ ᠭᠠᠭᠴᠠ ᠥᠬᠢᠨ ᠲᠡᠢ ᠪᠡᠨ ᠰᠠᠭᠤᠵᠤ ᠪᠠᠢᠨ᠎ᠠ ᠭᠡᠨ᠎ᠡ᠃
ᠠᠭᠤᠯᠠ ᠶ᠋ᠢᠨ ᠬᠦᠦ ᠣᠷᠣᠵᠤ᠂ ᠠᠮᠤᠷ ᠮᠡᠨᠳᠦ ᠪᠡᠨ ᠮᠡᠳᠡᠯᠴᠡᠵᠦ ᠰᠠᠭᠤᠭᠰᠠᠨ ᠳ᠋ᠤ᠌ ᠡᠮᠡᠭᠡᠨ ᠡᠪᠦᠭᠡᠨ ᠬᠣᠶᠠᠭᠤᠯᠠ᠄《ᠬᠠᠷ᠎ᠠ ᠨᠢᠳᠦ ᠲᠡᠢ᠂ ᠪᠣᠷᠣ ᠬᠠᠴᠠᠷ ᠲᠠᠢ ᠬᠦᠦ ᠬᠠᠮᠢᠭ᠎ᠠ ᠣᠴᠢᠨ᠎ᠠ ᠪᠣᠢ?》 ᠭᠡᠰᠡᠨ ᠳ᠋ᠦ᠍᠂ ᠠᠭᠤᠯᠠ ᠶ᠋ᠢᠨ ᠬᠦᠦ᠄《ᠲᠩᠷᠢ ᠶ᠋ᠢᠨ ᠳᠠᠭᠢᠨᠢᠰ ᠢ᠋ ᠣᠯᠵᠤ ᠢᠷᠡᠬᠦ ᠪᠡᠷ ᠶᠠᠪᠤᠵᠤ ᠪᠠᠢᠨ᠎ᠠ》 ᠭᠡᠰᠡᠨ ᠳ᠋ᠦ᠍ ᠡᠮᠡᠭᠡᠨ ᠡᠪᠦᠭᠡᠨ ᠬᠣᠶᠠᠷ᠄《ᠬᠦᠦ ᠮᠢᠨᠢ ᠲᠩᠷᠢ ᠶ᠋ᠢᠨ ᠳᠠᠭᠢᠨᠢᠰ ᠢ᠋ ᠣᠯᠵᠤ ᠢᠷᠡᠬᠦ ᠳ᠋ᠡᠭᠡᠨ ᠮᠠᠨᠠᠢᠬᠢ ᠶ᠋ᠢ ᠳᠠᠭᠠᠷᠢᠭᠠᠳ ᠢᠷ᠎ᠡ》 ᠭᠡᠵᠦ ᠠᠭᠤᠯᠠ ᠶ᠋ᠢᠨ ᠬᠦᠦ ᠳ᠋ᠦ᠍ ᠬᠣᠭᠣᠯᠠ ᠪᠤᠳᠠᠭ᠎ᠠ ᠢᠳᠡᠭᠦᠯᠵᠦ ᠮᠣᠷᠳᠠᠭᠤᠯᠪᠠ᠃
ᠲᠡᠨᠳᠡ ᠡᠴᠡ ᠭᠠᠷᠤᠨ ᠨᠢᠰᠴᠦ ᠶᠠᠪᠤᠭᠰᠠᠭᠠᠷ ᠪᠠᠰᠠ ᠨᠢᠭᠡᠨ ᠠᠢᠯ ᠳ᠋ᠤ᠌ ᠪᠠᠭᠤᠭᠰᠠᠨ ᠳ᠋ᠤ᠌ ᠮᠥᠨ ᠬᠣᠶᠠᠷ ᠬᠥᠭᠰᠢᠨ ᠭᠠᠷᠴᠤ ᠢᠷᠡᠭᠡᠳ᠄《ᠬᠠᠷ᠎ᠠ ᠴᠢᠷᠠᠢ ᠲᠠᠢ᠂ ᠬᠠᠯᠠᠭᠤᠨ ᠳᠤᠯᠠᠭᠠᠨ ᠵᠢᠰᠦ ᠲᠡᠢ ᠬᠦᠦ ᠮᠢᠨᠢ ᠬᠠᠮᠢᠭ᠎ᠠ ᠣᠴᠢᠨ᠎ᠠ ᠪᠢ?》 ᠭᠡᠰᠡᠨ ᠳ᠋ᠦ᠍《ᠲᠩᠷᠢ ᠶ᠋ᠢᠨ ᠳᠠᠭᠢᠨᠢᠰ ᠢ᠋ ᠣᠯᠬᠤ ᠪᠠᠷ ᠶᠠᠪᠤᠵᠤ ᠪᠠᠢᠨ᠎ᠠ》ᠭᠡᠪᠡ᠃ ᠡᠭᠦᠨ ᠳ᠋ᠦ᠍ ᠬᠣᠶᠠᠷ ᠬᠥᠭᠰᠢᠨ᠄《ᠬᠦᠦ ᠮᠢᠨᠢ ᠲᠩᠷᠢ ᠶ᠋ᠢᠨ ᠳᠠᠭᠢᠨᠢᠰ ᠢ᠋ ᠣᠯᠵᠤ ᠡᠷᠭᠢᠬᠦ ᠳ᠋ᠡᠭᠡᠨ ᠠᠪᠤ ᠡᠵᠢ ᠶ᠋ᠢ ᠪᠡᠨ ᠳᠠᠭᠠᠷᠢᠵᠤ ᠢᠷ᠎ᠡ》 ᠭᠡᠰᠡᠨ ᠳ᠋ᠦ᠍᠂ ᠠᠭᠤᠯᠠ ᠶ᠋ᠢᠨ ᠬᠦᠦ ᠴᠢᠩᠭᠢᠶ᠎ᠡ ᠭᠡᠵᠦ ᠴᠢᠨᠠᠭᠰᠢ ᠮᠣᠷᠳᠠᠨ᠂ ᠪᠠᠰᠠ ᠨᠢᠭᠡᠨ ᠠᠢᠯ ᠳ᠋ᠤ᠌ ᠪᠠᠭᠤᠭᠰᠠᠨ ᠳ᠋ᠤ᠌ ᠪᠠᠰᠠ ᠬᠣᠶᠠᠷ ᠬᠥᠭᠰᠢᠨ᠄《ᠬᠠᠮᠢᠭ᠎ᠠ ᠣᠴᠢᠨ᠎ᠠ ᠪᠣᠢ?》 ᠭᠡᠵᠦ ᠠᠰᠠᠭᠤᠭᠰᠠᠨ ᠠᠭᠤᠯᠠ ᠶ᠋ᠢᠨ ᠬᠦᠦ ᠮᠥᠨ᠄《 ᠲᠩᠷᠢ ᠶ᠋ᠢᠨ ᠳᠠᠭᠢᠨᠢᠰ ᠢ᠋ ᠣᠯᠬᠤ ᠪᠠᠷ ᠶᠠᠪᠤᠵᠤ ᠪᠠᠢᠨ᠎ᠠ》ᠭᠡᠰᠡᠨ ᠳ᠋ᠦ᠍᠂ ᠬᠥᠭᠰᠢᠳ᠄《ᠬᠦᠦ ᠮᠢᠨᠢ ᠲᠩᠷᠢ ᠶ᠋ᠢᠨ ᠳᠠᠭᠢᠨᠢᠰ ᠢ᠋ ᠣᠯᠵᠤ ᠠᠪᠤᠪᠠᠯ ᠡᠭᠦᠨ ᠢ᠋ᠶ᠋ᠡᠷ ᠳᠠᠭᠠᠷᠢᠵᠤ ᠢᠷ᠎ᠡ》 ᠭᠡᠵᠦ ᠮᠣᠷᠳᠠᠭᠤᠯᠤᠭᠠᠳ ᠶᠠᠪᠤᠭᠰᠠᠭᠠᠷ ᠶᠠᠪᠤᠭᠰᠠᠭᠠᠷ ᠲᠩᠷᠢ ᠶ᠋ᠢᠨ ᠭᠣᠣᠯ ᠡᠭᠦᠳᠡᠨ ᠳᠡᠭᠡᠷ᠎ᠡ ᠨᠢ ᠢᠷᠡᠵᠦ ᠪᠠᠭᠤᠭᠰᠠᠨ ᠳ᠋ᠤ᠌ ᠬᠠᠨ ᠭᠠᠷᠤᠳᠢ ᠰᠤᠷᠭᠠᠭᠰᠠᠨ ᠨᠢ᠄《ᠴᠢ ᠨᠠᠮᠠᠶ᠋ᠢ ᠤᠯᠠᠭᠠᠨ ᠨᠣᠭᠲᠣ ᠪᠠᠷ ᠣᠭᠣᠰᠣᠷᠯᠠᠵᠤ ᠤᠶᠠᠭᠠᠨ ᠤ᠋ ᠲᠥᠪ ᠳᠤᠮᠳᠠ ᠤᠶᠠᠭᠠᠷᠠᠢ ᠪᠢ ᠨᠢᠰᠦᠨ ᠪᠣᠰᠤᠨ᠂ ᠨᠢᠰᠦᠨ ᠪᠠᠭᠤᠵᠤ ᠪᠠᠢᠶ᠎ᠠ᠃ ᠴᠢ ᠣᠷᠣᠵᠤ ᠳᠠᠭᠢᠨᠢᠰ ᠢ᠋ ᠨᠢ ᠭᠤᠶᠤᠬᠤ ᠤᠴᠢᠷ ᠢ᠋ᠶ᠋ᠠᠨ ᠡᠵᠢ ᠳ᠋ᠦ᠍ᠨᠢ ᠬᠡᠯᠡᠵᠦ ᠲᠦᠷᠦᠭᠦᠨ ᠠᠶᠠᠭ᠎ᠠ ᠴᠠᠢ ᠶ᠋ᠢ ᠨᠢ ᠵᠦᠭᠡᠷ ᠰᠠᠭᠤᠵᠤ ᠤᠤᠭᠤ᠂ ᠬᠣᠶᠠᠳᠤᠭᠠᠷ ᠠᠶᠠᠭ᠎ᠠ ᠴᠠᠢ ᠶ᠋ᠢ ᠨᠢ ᠥᠨᠳᠡᠢᠯᠬᠡᠢᠯᠡᠵᠦ ᠤᠤᠭᠤ᠂ ᠭᠤᠷᠪᠠᠳᠤᠭᠠᠷ ᠠᠶᠠᠭ᠎ᠠ ᠴᠠᠢ ᠶ᠋ᠢ ᠨᠢ ᠳᠤᠲᠠᠭᠤ ᠤᠤᠭᠤᠵᠤ ᠭᠠᠷᠴᠤ ᠢᠷ᠎ᠡ》 ᠭᠡᠵᠦ ᠰᠤᠷᠭᠠᠭᠠᠳ ᠣᠷᠣᠭᠤᠯᠵᠤ ᠭᠡᠨ᠎ᠡ᠃
ᠠᠭᠤᠯᠠ ᠶ᠋ᠢᠨ ᠬᠦᠦ ᠴᠥᠮ ᠬᠠᠨ ᠭᠠᠷᠤᠳᠢ ᠶ᠋ᠢᠨ ᠰᠤᠷᠭᠠᠭᠰᠠᠨ ᠢ᠋ᠶ᠋ᠠᠷ ᠬᠢᠵᠦ ᠭᠠᠷᠴᠤ ᠢᠷᠡᠬᠦ ᠳ᠋ᠦ᠍ᠨᠢ ᠲᠩᠷᠢ ᠶ᠋ᠢᠨ ᠳᠠᠭᠢᠨᠢᠰ ᠤ᠋ᠨ ᠡᠵᠢ ᠨᠢ ᠥᠬᠢᠨ ᠢ᠋ᠶ᠋ᠡᠨ ᠳᠠᠭᠤᠳᠠᠵᠤ ᠠᠭᠤᠯᠠ ᠶ᠋ᠢᠨ ᠬᠦᠦ ᠳ᠋ᠦ᠍ ᠲᠤᠰᠢᠶᠠᠭᠰᠠᠨ ᠳ᠋ᠤ᠌ ᠠᠭᠤᠯᠠ ᠶ᠋ᠢᠨ ᠬᠦᠦ ᠲᠩᠷᠢ ᠶ᠋ᠢᠨ ᠳᠠᠭᠢᠨᠢᠰ ᠢ᠋ᠶ᠋ᠠᠨ ᠲᠡᠪᠡᠷᠢᠵᠦ᠂ ᠬᠠᠨ ᠭᠠᠷᠤᠳᠢ ᠳ᠋ᠠᠭᠠᠨ ᠮᠣᠷᠳᠠᠨ ᠨᠢᠰᠴᠦ ᠤᠳᠠᠭᠰᠠᠨ ᠦᠭᠡᠢ ᠲᠩᠷᠢ ᠶ᠋ᠢᠨ ᠳᠠᠭᠢᠨᠢᠰ ᠢ᠋ ᠣᠯᠬᠤ ᠪᠠᠷ ᠣᠴᠢᠬᠤ ᠳ᠋ᠤ᠌ ᠳᠠᠭᠠᠷᠢᠭᠰᠠᠨ ᠠᠢᠯ ᠳ᠋ᠤ᠌ ᠪᠠᠭᠤᠭᠰᠠᠨ ᠳ᠋ᠤ᠌᠂ ᠡᠮᠡᠭᠡᠨ ᠡᠪᠦᠭᠡᠨ ᠬᠣᠶᠠᠭᠤᠯᠠ ᠪᠠᠨ ᠵᠧ! ᠬᠦᠦ ᠳ᠋ᠡᠭᠡᠨ ᠥᠬᠢᠨ ᠢ᠋ᠶ᠋ᠡᠨ ᠥᠭᠴᠦ ᠳᠠᠭᠠᠭᠤᠯᠤᠨ ᠶᠠᠪᠤᠭᠤᠯᠤᠶ᠎ᠠ ᠭᠡᠰᠡᠨ ᠳ᠋ᠦ᠍᠂ ᠥᠬᠢᠨ ᠨᠢ ᠭᠡᠷ ᠡᠴᠡ ᠪᠡᠨ ᠭᠠᠭᠴᠠ ᠨᠢᠭᠡᠨ ᠮᠥᠩᠭᠥᠨ ᠲᠡᠪᠡᠨᠡ ᠠᠪᠴᠤ ᠮᠣᠷᠳᠠᠭᠠᠳ ᠬᠣᠶᠠᠳᠤᠭᠠᠷ ᠠᠢᠯ ᠳ᠋ᠤ᠌ ᠪᠠᠭᠤᠭᠰᠠᠨ ᠳ᠋ᠤ᠌᠂ ᠮᠥᠨ ᠥᠬᠢᠨ ᠢ᠋ᠶ᠋ᠡᠨ ᠥᠭᠭᠦᠭᠰᠡᠨ ᠳ᠋ᠦ᠍ ᠥᠬᠢᠨ ᠨᠢ ᠪᠠᠰᠠ᠂ ᠨᠢᠭᠡᠨ ᠠᠮᠤ ᠶ᠋ᠢᠨ ᠲᠡᠳᠦᠢ ᠰᠢᠷ᠎ᠠ ᠪᠥᠰ ᠠᠪᠤᠭᠠᠳ ᠮᠣᠷᠳᠠᠵᠤ᠂ ᠪᠠᠰᠠ ᠨᠢᠭᠡᠨ ᠠᠢᠯ ᠳ᠋ᠤᠨᠢ ᠪᠠᠭᠤᠭᠰᠠᠨ ᠳ᠋ᠤ᠌᠂ ᠪᠠᠰᠠ ᠥᠬᠢᠨ ᠢ᠋ᠶ᠋ᠡᠨ ᠥᠭᠭᠦᠭᠰᠡᠨ ᠳ᠋ᠦ᠍ ᠥᠬᠢᠨ ᠨᠢ ᠭᠠᠭᠴᠠ ᠨᠢᠭᠡᠨ ᠪᠠᠭ᠎ᠠ ᠲᠣᠯᠢ ᠠᠪᠴᠤ ᠲᠠᠪᠤᠭᠤᠯᠠ ᠪᠠᠨ ᠬᠠᠨ ᠭᠠᠷᠤᠳᠢ ᠨᠢᠷᠤᠭᠤᠨ ᠳᠡᠭᠡᠷ᠎ᠡ ᠰᠠᠭᠤᠵᠤ᠂ ᠬᠠᠭᠠᠨ ᠤ᠋ ᠣᠷᠳᠣᠨ ᠤ᠋ ᠪᠠᠷᠠᠭᠤᠨ ᠭᠣᠣᠯ ᠤ᠋ᠨ ᠴᠠᠭᠠᠨ᠎ᠠ ᠨᠢ ᠪᠠᠭᠤᠭᠰᠠᠨ ᠳ᠋ᠤ᠌᠂ ᠲᠩᠷᠢ ᠶ᠋ᠢᠨ ᠳᠠᠭᠢᠨᠢᠰ ᠬᠠᠳᠬᠤᠭᠤᠷ ᠢ᠋ᠶ᠋ᠠᠨ ᠠᠪᠴᠤ ᠬᠣᠭᠣᠰᠣᠨ ᠭᠠᠵᠠᠷ ᠵᠢᠭᠠᠵᠤ ᠮᠠᠢᠬᠠᠨ ᠬᠥᠰᠢᠭᠡ ᠭᠠᠷᠭᠠᠭᠠᠳ ᠬᠣᠭᠣᠯᠠ ᠬᠢᠵᠦ ᠢᠳᠡᠴᠢᠬᠡᠵᠡᠢ᠃
ᠲᠡᠭᠡᠭᠡᠳ ᠠᠭᠤᠯᠠ ᠶ᠋ᠢᠨ ᠬᠦᠦ ᠬᠠᠭᠠᠨ ᠳ᠋ᠤ᠌ ᠢᠷᠡᠵᠦ ᠲᠩᠷᠢ ᠶ᠋ᠢᠨ ᠳᠠᠭᠢᠨᠢᠰ ᠢ᠋ ᠣᠯᠵᠤ ᠢᠷᠡᠪᠡ ᠭᠡᠰᠡᠨ ᠳ᠋ᠦ᠍᠂ ᠬᠠᠲᠤᠨ ᠨᠢ ᠣᠳᠣ ᠶᠠᠭᠠᠬᠢᠪᠠᠴᠤ ᠪᠦᠷ ᠰᠡᠭᠦᠯ ᠦ᠋ᠨ ᠠᠷᠭ᠎ᠠ ᠪᠠᠷ ᠡᠭᠦᠨ ᠢ᠋ ᠠᠯᠠᠬᠤ ᠦᠭᠡᠢ ᠪᠣᠯ ᠪᠣᠯᠬᠤ ᠦᠭᠡᠢ ᠭᠡᠵᠦ ᠪᠣᠳᠣᠭᠠᠳ ᠬᠠᠭᠠᠨ ᠤ᠋ ᠴᠢᠬᠢᠨ ᠳ᠋ᠦ᠍ᠨᠢ ᠬᠡᠳᠦᠨ ᠦᠭᠡ ᠰᠢᠪᠡᠨᠡᠭᠰᠡᠨ ᠳ᠋ᠦ᠍ ᠬᠠᠭᠠᠨ᠄《ᠵᠧ! ᠮᠠᠷᠭᠠᠰᠢ ᠪᠢ ᠬᠣᠢᠲᠤ ᠠᠭᠤᠯᠠᠨ ᠳᠡᠭᠡᠷ᠎ᠡ ᠣᠴᠢᠵᠤ ᠲᠩᠷᠢ ᠶ᠋ᠢᠨ ᠳᠠᠭᠢᠨᠢᠰ ᠢ᠋ ᠪᠠᠭᠤᠯᠭᠠᠨ ᠠᠪᠬᠤ ᠲᠤᠯᠠ ᠴᠢ ᠡᠨᠡ ᠨᠢᠭᠡᠨ ᠰᠥᠨᠢ ᠶ᠋ᠢᠨ ᠬᠣᠭᠣᠷᠣᠨᠳᠣ ᠬᠣᠢᠲᠤ ᠠᠭᠤᠯᠠ ᠶ᠋ᠢᠨ ᠣᠷᠣᠢ ᠳᠡᠭᠡᠷ᠎ᠡ ᠮᠥᠩᠭᠥᠨ ᠪᠠᠭᠠᠨ᠎ᠠ ᠲᠠᠢ ᠰᠢᠷ᠎ᠠ ᠲᠣᠷᠭ᠎ᠠ ᠪᠠᠷ ᠪᠦᠷᠢᠭᠰᠡᠨ ᠣᠪᠣᠭ᠎ᠠ ᠪᠣᠰᠬᠠᠵᠤ ᠲᠡᠭᠦᠨ ᠦ᠌ ᠡᠮᠦᠨ᠎ᠡ ᠨᠢ ᠰᠢᠯ ᠦ᠋ᠨ ᠬᠣᠲᠠ ᠪᠠᠢᠭᠤᠯ᠂ ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ》 ᠭᠡᠵᠦ ᠶᠠᠪᠤᠭᠤᠯᠤᠭᠰᠠᠨ ᠳ᠋ᠤ᠌ ᠠᠭᠤᠯᠠ ᠶ᠋ᠢᠨ ᠬᠦᠦ ᠲᠩᠷᠢ ᠶ᠋ᠢᠨ ᠳᠠᠭᠢᠨᠢᠰ ᠲᠤ᠌ ᠡᠨᠡ ᠶᠠᠪᠤᠳᠠᠯ ᠢ᠋ᠶ᠋ᠠᠨ ᠬᠡᠯᠡᠭᠰᠡᠨ ᠳ᠋ᠦ᠍ ᠲᠩᠷᠢ ᠶ᠋ᠢᠨ ᠳᠠᠭᠢᠨᠢᠰ᠄《ᠪᠣᠯᠤᠨ᠎ᠠ᠂ ᠬᠣᠩᠭᠣᠷ ᠮᠢᠨᠢ ᠤᠨᠲᠠᠭᠠᠷᠠᠢ》 ᠭᠡᠵᠦ ᠰᠥᠨᠢ ᠪᠣᠯᠤᠭᠰᠠᠨ ᠬᠣᠢᠨ᠎ᠠ ᠲᠡᠷᠡ ᠭᠤᠷᠪᠠᠨ ᠥᠬᠢᠨ ᠢ᠋ᠶ᠋ᠡᠨ ᠳᠠᠭᠠᠭᠤᠯᠵᠤ ᠬᠣᠢᠲᠤ ᠠᠭᠤᠯᠠ ᠶ᠋ᠢᠨ ᠣᠷᠣᠢ ᠳᠡᠭᠡᠷ᠎ᠡ ᠭᠠᠷᠴᠤ ᠬᠡᠳᠦᠨ ᠬᠡᠰᠡᠭ ᠴᠢᠯᠠᠭᠤ ᠣᠪᠣᠭᠠᠯᠠᠵᠤ ᠭᠣᠣᠯ ᠳ᠋ᠤᠨᠢ ᠲᠡᠪᠡᠨᠡ ᠪᠡᠨ ᠬᠠᠳᠬᠤᠵᠤ ᠠᠷᠤ ᠳ᠋ᠤᠨᠢ ᠨᠢᠭᠡᠨ ᠠᠮᠤ ᠰᠢᠷ᠎ᠠ ᠪᠥᠰ ᠢ᠋ᠶ᠋ᠡᠨ ᠳᠡᠯᠭᠡᠨ ᠲᠠᠯᠪᠢᠭᠠᠳ ᠳᠣᠯᠣᠭᠠᠨ ᠠᠯᠴᠠᠮ ᠤ᠋ᠨ ᠡᠮᠦᠨ᠎ᠡ ᠨᠢ ᠲᠣᠯᠢ ᠪᠠᠨ ᠪᠤᠯᠠᠵᠤ ᠬᠠᠷᠢᠪᠠ ᠭᠡᠨ᠎ᠡ᠃
ᠮᠠᠷᠭᠠᠰᠢ ᠨᠢ ᠪᠣᠯᠬᠤ ᠳ᠋ᠤ᠌ ᠬᠣᠢᠲᠤ ᠠᠭᠤᠯᠠᠨ ᠤ᠋ ᠳᠡᠭᠡᠷ᠎ᠡ ᠨᠢ ᠮᠥᠩᠭᠥᠨ ᠪᠠᠭᠠᠨ᠎ᠠ ᠲᠠᠢ ᠰᠢᠷ᠎ᠠ ᠲᠣᠷᠭᠠᠨ ᠪᠦᠷᠢᠶᠡᠰᠦ ᠲᠡᠢ ᠰᠢᠯ ᠦ᠋ᠨ ᠬᠣᠲᠠ ᠲᠠᠢ ᠣᠪᠣᠭ᠎ᠠ ᠪᠠᠢᠭᠤᠯᠤᠭᠳᠠᠭᠰᠠᠨ ᠳ᠋ᠤ᠌᠂ ᠬᠠᠭᠠᠨ ᠬᠠᠲᠤᠨ ᠬᠣᠶᠠᠭᠤᠯᠠ ᠪᠠᠨ ᠬᠡᠯᠡᠬᠦ ᠦᠭᠡ ᠦᠭᠡᠢ ᠪᠣᠯᠵᠤ ᠴᠡᠷᠢᠭ ᠲᠦᠰᠢᠮᠡᠯ ᠢ᠋ᠶ᠋ᠡᠨ ᠳᠠᠭᠠᠭᠤᠯᠵᠤ ᠰᠢᠭᠤᠳ ᠠᠭᠤᠯᠠ ᠶ᠋ᠢᠨ ᠬᠦᠦ ᠶ᠋ᠢ ᠪᠠᠷᠢᠬᠤ ᠪᠠᠷ ᠢᠷᠡᠭᠰᠡᠨ ᠳ᠋ᠦ᠍ ᠡᠳ᠋ ᠵᠠᠰᠠᠯ ᠢ᠋ᠶ᠋ᠠᠨ ᠵᠥᠭᠡᠭᠡᠵᠦ ᠣᠪᠣᠭᠠᠨ ᠤ᠋ ᠳᠡᠷᠭᠡᠳᠡ ᠵᠣᠭᠰᠣᠭᠰᠠᠨ ᠲᠩᠷᠢ ᠶ᠋ᠢᠨ ᠳᠠᠭᠢᠨᠢᠰ ᠠᠭᠤᠯᠠ ᠶ᠋ᠢᠨ ᠬᠦᠦ ᠬᠠᠷᠪᠤ ᠭᠡᠰᠡᠨ ᠳ᠋ᠦ᠍᠂ ᠠᠭᠤᠯᠠ ᠶ᠋ᠢᠨ ᠬᠦᠦ ᠭᠠᠩ ᠪᠣᠯᠣᠳ ᠨᠤᠮᠤ ᠪᠠᠨ ᠳᠡᠯᠢᠵᠦ ᠪᠣᠷᠣᠭᠠᠨ ᠰᠤᠮᠤ ᠪᠠᠨ ᠲᠠᠯᠪᠢᠭᠰᠠᠨ ᠳ᠋ᠤ᠌ ᠰᠢᠯ ᠦ᠋ᠨ ᠬᠣᠲᠠ ᠨᠢ ᠨᠤᠷᠠᠵᠤ ᠬᠥᠯ ᠦᠭᠡᠢ ᠭᠦᠨ ᠤᠰᠤ ᠪᠣᠯᠤᠭᠠᠳ ᠬᠠᠭᠠᠨ ᠬᠠᠲᠤᠨ ᠲᠠᠢ ᠬᠣᠶᠠᠭᠤᠯᠠ ᠶ᠋ᠢ ᠤᠰᠤ ᠪᠠᠷ ᠴᠠᠴᠠᠭᠠᠵᠤ ᠠᠯᠠᠭᠠᠳ᠂ ᠠᠭᠤᠯᠠ ᠶ᠋ᠢᠨ ᠬᠦᠦ ᠲᠩᠷᠢ ᠶ᠋ᠢᠨ ᠳᠠᠭᠢᠨᠢᠰ ᠢ᠋ ᠡᠬᠡᠨᠡᠷ ᠢ᠋ᠶ᠋ᠡᠨ ᠪᠣᠯᠭᠠᠵᠤ ᠠᠪᠤᠭᠠᠳ᠂ ᠡᠬᠡ ᠡᠴᠢᠭᠡ ᠪᠡᠨ ᠠᠪᠴᠢᠷᠠᠵᠤ ᠠᠰᠠᠷᠠᠨ ᠡᠯᠪᠡᠷᠢᠨ ᠬᠦᠨᠳᠦᠯᠡᠵᠦ᠂ ᠬᠠᠨ ᠭᠠᠷᠤᠳᠢ ᠶ᠋ᠢᠨ ᠭᠤᠷᠪᠠᠨ ᠥᠬᠢᠨ ᠢ᠋ ᠠᠪᠴᠢᠷᠠᠵᠤ᠂ ᠬᠠᠨ ᠭᠠᠷᠤᠳᠢ ᠶ᠋ᠢ ᠬᠠᠮᠤᠭ ᠰᠠᠢᠨ ᠢ᠋ᠶ᠋ᠠᠷ ᠲᠡᠵᠢᠭᠡᠵᠦ᠂ ᠬᠠᠷᠢ ᠶ᠋ᠢᠨ ᠲᠡᠷᠡ ᠭᠤᠷᠪᠠᠨ ᠥᠬᠢᠳ ᠢ᠋ ᠲᠩᠷᠢ ᠶ᠋ᠢᠨ ᠳᠠᠭᠢᠨᠢᠰ ᠤ᠋ᠨ ᠠᠶᠠᠭᠠᠴᠢᠨ ᠥᠬᠢᠨ ᠪᠣᠯᠭᠠᠪᠠ ᠭᠡᠨ᠎ᠡ᠃ ᠴᠢᠩᠭᠢᠭᠡᠳ ᠠᠭᠤᠯᠠᠨ ᠤ᠋ ᠬᠦᠦ ᠬᠠᠳᠠᠨ ᠰᠢᠷᠡᠭᠡᠨ ᠳ᠋ᠦ᠍ᠨᠢ ᠰᠠᠭᠤᠵᠤ ᠬᠠᠮᠤᠭ ᠠᠷᠠᠳ ᠲᠠᠭᠠᠨ ᠮᠠᠭᠲᠠᠭᠳᠠᠵᠤ᠂ ᠠᠯᠢ ᠰᠠᠢᠨ ᠰᠠᠢᠬᠠᠨ ᠢ᠋ ᠪᠠᠳᠠᠷᠠᠭᠤᠯᠵᠤ᠂ ᠠᠮᠤᠷ ᠰᠠᠢᠨ ᠳ᠋ᠠᠭᠠᠨ ᠵᠢᠷᠭᠠᠪᠠ ᠭᠡᠨ᠎ᠡ᠃
