ᠰᠢᠷ᠎ᠠ ᠲᠠᠯ᠎ᠠ ᠶ᠋ᠢᠨ ᠴᠡᠴᠡᠭШар талын цэцэгShar talyn tsetseg
ᠰᠢᠷ᠎ᠠ ᠲᠠᠯ᠎ᠠ ᠶ᠋ᠢᠨ ᠴᠡᠴᠡᠭ
ᠳᠠᠭᠤᠴᠢᠨ᠄ ᠤᠶᠠᠩᠭᠠᠯᠢᠭ ᠬᠤᠷ᠎ᠠ ᠳᠠᠭᠤᠨ ᠤ᠋ ᠠᠩᠭᠢ
ᠰᠢᠷ᠎ᠠ ᠲᠠᠯ᠎ᠠ ᠶ᠋ᠢᠨ ᠴᠡᠴᠡᠭ ᠬᠦᠢ
ᠰᠠᠢᠬᠠᠨ ᠨᠠᠷᠠᠨ ᠳ᠋ᠤ᠌ ᠪᠠᠨ ᠭᠠᠩᠬᠤᠨ᠎ᠠ ᠬᠦ
ᠰᠠᠢᠬᠠᠨ ᠰᠠᠭᠤᠭᠰᠠᠨ ᠲᠠ ᠨᠠᠷ ᠲᠠᠢ ᠪᠠᠨ
ᠰᠠᠷᠬᠤᠳ ᠢ᠋ᠶ᠋ᠠᠨ ᠪᠠᠷᠢᠭᠠᠳ ᠨᠠᠢᠷᠯᠠᠶ᠎ᠠ ᠬᠦ᠃
ᠬᠠᠳᠠᠲᠤ ᠪᠤᠯᠠᠭ ᠤ᠋ᠨ ᠤᠰᠤ ᠨᠢ ᠬᠦ
ᠬᠠᠳᠠᠨ ᠳᠤᠮᠳᠠ ᠪᠠᠨ ᠴᠠᠯᠭᠢᠨ᠎ᠠ ᠬᠦ
ᠬᠠᠢᠷᠠᠲᠠᠢ ᠪᠤᠭᠤᠷᠤᠯ ᠠᠪᠤ ᠲᠠᠨ ᠲᠠᠢ ᠪᠠᠨ
ᠬᠠᠷᠢᠵᠤ ᠢᠷᠡᠭᠡᠳ ᠵᠣᠯᠭᠠᠨ᠎ᠠ ᠬᠦ᠃
ᠡᠷᠬᠢᠲᠦ ᠪᠤᠯᠠᠭ ᠤ᠋ᠨ ᠤᠰᠤ ᠨᠢ ᠬᠦ
ᠡᠷᠭᠢ ᠶ᠋ᠢᠨ ᠳᠤᠮᠳᠠ ᠪᠠᠨ ᠴᠠᠯᠭᠢᠨ᠎ᠠ ᠬᠦ
ᠡᠮᠡᠭᠡᠨ ᠡᠵᠢ ᠲᠠᠨ ᠳ᠋ᠤ᠌ ᠪᠠᠨ
ᠡᠷᠭᠢᠵᠦ ᠢᠷᠡᠭᠡᠳ ᠵᠣᠯᠭᠠᠨ᠎ᠠ ᠬᠦ᠃
ᠢᠷᠡᠯᠲᠡ᠄ ᠪᠠᠶᠠᠨᠨᠠᠭᠤᠷ ᠬᠠᠮ ᠵᠠᠭᠤᠴᠢᠯᠠᠭᠤᠷ ᠠ᠋ᠴᠠ ᠰᠡᠢᠷᠡᠭᠦᠯᠪᠡ᠃( ᠥᠪᠥᠷ ᠮᠣᠩᠭᠣᠯ ᠤ᠋ᠨ ᠪᠠᠶᠠᠨᠨᠠᠭᠤᠷ ᠬᠣᠲᠠ ᠶ᠋ᠢᠨ ᠤᠷᠠᠳ ᠤ᠋ᠨ ᠬᠣᠢᠲᠤ ᠬᠤᠰᠢᠭᠤᠨ ᠤ᠋ ᠰᠤᠷᠤᠭᠴᠢ ᠨᠠᠷ
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
