ᠪᠦᠰᠡᠭᠦᠢ ᠴᠡᠴᠡᠭ-ᠮ ∙ ᠦᠦᠷᠢᠨᠲᠤᠶᠠᠭ᠎ᠠ Бүсгүй цэцэг М.Үүрийнтуяа Busgui tsetseg Uuriintuya
ᠪᠦᠰᠡᠭᠦᠢ ᠴᠡᠴᠡᠭ
ᠦᠭᠡ᠄ ᠴ᠂ ᠨᠠᠨᠳᠢᠨᠴᠡᠴᠡᠭ
ᠠᠶ᠎ᠠ᠄ ᠲ᠂ ᠨᠠᠢᠳᠠᠨᠵᠠᠪ
ᠳᠠᠭᠤᠴᠢᠨ᠄ ᠮ᠂ ᠦᠤᠷᠢᠨᠲᠤᠶᠠᠭᠠ
ᠦᠨᠡᠨᠴᠢ ᠪᠡᠷ ᠨᠠᠮ᠎ᠠ ᠶ᠋ᠢ ᠬᠠᠢᠷᠠᠯᠠᠬᠤ ᠶᠤᠮ ᠪᠣᠯ
ᠦᠷ ᠦ᠋ᠨ ᠴᠣᠯᠮᠣᠨ ᠰᠢᠭ᠋ ᠬᠢᠯᠠᠯᠵᠠᠶᠠ
ᠬᠦᠰᠡᠯ ᠢ᠋ᠶ᠋ᠡᠷ ᠮᠢᠨᠢ ᠨᠠᠮ᠎ᠠ ᠶ᠋ᠢ ᠵᠢᠷᠭᠠᠭᠠᠬᠤ ᠶᠤᠮ ᠪᠣᠯ
ᠬᠡᠭᠡᠷ᠎ᠡ ᠶ᠋ᠢᠨ ᠴᠡᠴᠡᠭ ᠰᠢᠭ᠌ ᠳᠡᠯᠭᠡᠷᠡᠶᠡ
ᠰᠠᠷᠠᠨ ᠠ᠋ᠴᠠ ᠴᠤ᠌ ᠨᠠᠮ᠎ᠠ ᠶ᠋ᠢ ᠬᠠᠷᠠᠮᠨᠠᠬᠤ ᠶᠤᠮ ᠪᠣᠯ
ᠰᠡᠬᠡᠭᠦᠨ ᠰᠠᠯᠬᠢ ᠰᠢᠭ᠋ ᠢᠯᠪᠢᠶᠡ
ᠵᠢᠷᠦᠬᠡ ᠶ᠋ᠢ ᠮᠢᠨᠢ ᠲᠠᠩᠳᠠ ᠡᠵᠡᠮᠳᠡᠬᠦ ᠶᠤᠮ ᠪᠣᠯ
ᠵᠡᠭᠦᠳᠦᠨ ᠦ᠌ ᠰᠣᠯᠣᠩᠭ᠎ᠠ ᠰᠢᠭ᠋ ᠬᠡᠷᠡᠯᠳᠦᠶᠡ
ᠤᠰᠤᠯᠠᠬᠤ ᠲᠣᠰᠤᠮ ᠠᠭᠤᠯᠠ ᠶ᠋ᠢᠨ ᠴᠡᠴᠡᠭᠡᠰ
ᠤᠴᠠᠷᠠᠯ ᠤ᠋ᠨ ᠰᠠᠯᠬᠢᠨ ᠳ᠋ᠤ᠌ ᠰᠡᠪᠡᠯᠵᠡᠨ᠎ᠡ
ᠤᠶᠠᠷᠠᠬᠤ ᠲᠣᠰᠤᠮ ᠮᠢᠨᠦ ᠰᠡᠳᠬᠢᠯ
ᠤᠯᠠᠮ ᠶᠡᠬᠡ ᠪᠡᠷ ᠬᠠᠢᠷᠠᠯᠠᠬᠤ ᠶᠤᠮ ᠠ᠋
ᠬᠡᠵᠢᠶᠡᠳᠡ ᠨᠠᠮ᠎ᠠ ᠶ᠋ᠢ ᠬᠠᠢᠷᠠᠯᠠᠬᠤ ᠶᠤᠮ ᠪᠣᠯ
ᠬᠥᠬᠡ ᠲᠩᠷᠢ ᠰᠢᠭ᠌ ᠴᠠᠯᠮᠠᠶᠠ
ᠦᠭᠡ ᠪᠡᠷ ᠢ᠋ᠶ᠋ᠡᠨ ᠨᠠᠮ᠎ᠠ ᠶ᠋ᠢ ᠠᠷᠭᠠᠳᠠᠬᠤ ᠶᠤᠮ ᠪᠣᠯ
ᠡᠭᠦᠯᠡᠨ ᠪᠣᠷᠣᠭ᠎ᠠ ᠰᠢᠭ᠋ ᠠᠰᠬᠠᠷᠠᠶᠠ
ᠢᠲᠡᠭᠡᠯ ᠢ᠋ᠶ᠋ᠡᠷ ᠨᠠᠮ᠎ᠠ ᠶ᠋ᠢ ᠱᠠᠩᠨᠠᠬᠤ ᠶᠤᠮ ᠪᠣᠯ
ᠢᠯᠴᠢᠲᠦ ᠨᠠᠷᠠᠨ ᠰᠢᠭ᠋ ᠲᠥᠭᠡᠨᠡᠶᠡ
ᠲᠠᠩᠳᠠ ᠨᠠᠮ᠎ᠠ ᠶ᠋ᠢ ᠡᠵᠡᠮᠳᠡᠬᠦ ᠶᠤᠮ ᠪᠣᠯ
ᠳᠠᠷᠪᠠᠭᠤᠯᠲᠤ ᠵᠠᠪᠢ ᠰᠢᠭ᠋ ᠲᠡᠮᠡᠦᠯᠦᠶ᠎ᠡ
( ᠳᠠᠬᠢᠯᠲᠠ)
ᠭᠠᠭᠴᠠᠬᠠᠨ ᠨᠠᠮ᠎ᠠ ᠶ᠋ᠢ ᠬᠠᠢᠷᠠᠯᠠᠬᠤ ᠶᠤᠮ ᠪᠣᠯ
ᠭᠠᠴᠤᠷ᠎ᠠ ᠮᠣᠳᠣ ᠰᠢᠭ᠋ ᠮᠥᠩᠬᠡᠷᠡᠶᠡ
ᠭᠠᠷ ᠠ᠋ᠴᠠ ᠮᠢᠨᠢ ᠬᠥᠲᠥᠯᠦᠭᠡᠳ ᠠᠯᠬᠤᠬᠤ ᠶᠤᠮ ᠪᠣᠯ
ᠲᠤᠤᠯᠠ ᠶ᠋ᠢᠨ ᠤᠰᠤ ᠰᠢᠭ᠋ ᠴᠠᠯᠭᠢᠶ᠎ᠠ
ᠳᠤᠷ᠎ᠠ ᠪᠠᠷ ᠮᠢᠨᠢ ᠨᠠᠮ᠎ᠠ ᠶ᠋ᠢ ᠭᠥᠭᠯᠡᠬᠦ ᠶᠤᠮ ᠪᠣᠯ
ᠳᠠᠯᠢ ᠵᠢᠭᠦᠷ ᠰᠢᠭ᠌ ᠨᠢᠰᠦᠶ᠎ᠡ
ᠬᠣᠷᠸ᠎ᠠ ᠶ᠋ᠢ ᠬᠣᠶᠠᠭᠤᠯᠠ ᠪᠠᠨ ᠲᠤᠭᠤᠯᠬᠤ ᠶᠤᠮ ᠪᠣᠯ
ᠬᠤᠨ ᠰᠢᠪᠠᠭᠤ ᠰᠢᠭ᠋ ᠬᠣᠣᠰᠯᠠᠶᠠ
( ᠳᠠᠬᠢᠯᠲᠠ) ( ᠳᠠᠬᠢᠯᠲᠠ)
ᠤᠯᠠᠮ ᠶᠡᠬᠡ ᠪᠡᠷ ᠬᠠᠢᠷᠠᠯᠠᠬᠤ ᠶᠤᠮ ᠠ᠋
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
