ᠲᠩᠷᠢ ᠪᠤᠷᠤᠭᠤ ᠪᠠᠨ ᠮᠡᠳᠡᠨ᠎ᠡ - ᠪᠠᠪᠤᠤ ᠶ᠋ᠢᠨ ᡀᠬᠠᠪᠠᠰᠥ᠋ᠷᠦᠩ Тэнгэр буруугаа мэднэ – Бавуугийн Лхагвасүрэн
ᠲᠩᠷᠢ ᠪᠤᠷᠤᠭᠤ ᠪᠠᠨ ᠮᠡᠳᠡᠨ᠎ᠡ
ᠰᠢᠭᠤᠷᠴᠤ᠂ ᠰᠠᠯᠬᠢᠯᠠᠵᠤ ᠬᠡᠢᠰᠦᠨ ᠠᠯᠳᠠᠪᠠᠴᠤ᠁
ᠨᠠᠷᠠ ᠪᠠᠷ ᠢ᠋ᠶ᠋ᠠᠨ ᠳᠠᠷᠠᠭ᠎ᠠ ᠨᠢ ᠠᠷᠭᠠᠳᠠᠨ᠎ᠠ
ᠲᠩᠷᠢ ᠪᠤᠷᠤᠭᠤ ᠪᠠᠨ ᠮᠡᠳᠡᠨ᠎ᠡ᠃
ᠬᠡᠴᠢᠨᠡᠭᠡᠨ ᠠᠯᠳᠠᠵᠤ ᠤᠬᠠᠭᠠᠷᠠᠵᠤ ᠶᠠᠪᠤᠪᠠᠴᠤ᠁
ᠬᠠᠭᠤᠴᠢᠨ ᠢ᠋ᠶ᠋ᠠᠨ ᠳᠠᠬᠢᠭᠠᠳ ᠳᠠᠪᠲᠠᠨ᠎ᠠ᠃
ᠬᠥᠮᠦᠨ ᠪᠤᠷᠤᠭᠤ ᠪᠠᠨ ᠮᠡᠳᠡᠬᠦ ᠦᠭᠡᠢ᠃
2011 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ