1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(2) Монгол хуурын үлгэрийн хэвшсэн хэллэг – Ренчиндорж᠂Хувьт найруулав - Өмнөх үг -2

ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(2) Монгол хуурын үлгэрийн хэвшсэн хэллэг – Ренчиндорж᠂Хувьт найруулав - Өмнөх үг -2

2025-03-14

88

ᠡᠮᠦᠨᠡᠬᠢ ᠦᠭᠡ – ᠬᠣᠶᠠᠷ

          
              ᠬᠣᠶᠠᠷ   

       ᠬᠤᠭᠤᠷ ᠤ᠋ᠨ ᠦᠯᠢᠭᠡᠷ ᠨᠢ ᠢᠯᠭᠤᠮ ᠰᠠᠢᠬᠠᠨ ᠨᠢᠭᠡᠨ ᠪᠤᠲᠠ ᠤᠷᠠᠯᠢᠭ ᠤ᠋ᠨ ᠴᠡᠴᠡᠭ ᠦ᠋ᠨ ᠬᠤᠪᠢ ᠳ᠋ᠤ᠌ ᠥᠪᠡᠷ ᠦ᠋ᠨ ᠤᠷᠲᠤ ᠤᠳᠠᠭᠠᠨ ᠬᠤᠭᠤᠴᠠᠭᠠᠨ ᠤ᠋ ᠲᠡᠦᠬᠡᠲᠦ ᠬᠥᠭᠵᠢᠯ ᠦ᠋ᠨ ᠶᠠᠪᠤᠴᠠ ᠪᠠᠨ ᠥᠩᠭᠡᠷᠡᠭᠡᠭᠰᠡᠨ ᠶᠦᠮ᠃ ᠨᠡᠯᠢᠶᠡᠳ ᠡᠷᠲᠡ ᠦᠶ᠎ᠡ ᠳ᠋ᠦ᠍ ᠮᠣᠩᠭᠣᠯᠴᠤᠳ ᠥᠪᠡᠷᠦᠨ ᠣᠨᠴᠠᠯᠢᠭ ᠪᠦᠬᠦᠢ ᠬᠥᠭᠵᠢᠮ— ᠴᠣᠭᠣᠷ ᠪᠠ ᠬᠤᠭᠤᠷ ᠢ ᠡᠭᠦᠳᠦᠨ ᠪᠦᠲᠦᠭᠡᠭᠰᠡᠨ ᠪᠠᠢᠳᠠᠭ᠃ ᠳᠥᠭᠥᠮ ᠡᠴᠡ ᠪᠤᠳᠤᠯᠢᠶᠠᠨᠲᠠᠢ ᠵᠦᠭ ᠬᠥᠭᠵᠢᠬᠦ ᠬᠡᠷᠡᠭ ᠶᠠᠪᠤᠳᠠᠯ ᠤ᠋ᠨ ᠵᠢᠮ᠎ᠡ ᠶᠣᠰᠣᠨ ᠤ᠋ ᠯᠣᠭᠢᠭ ᠮᠥᠷᠳᠡᠯᠲᠡ ᠡᠴᠡ ᠵᠢᠱ᠌ᠢᠪᠡᠯ ᠬᠤᠭᠤᠷ ᠨᠢ ᠴᠣᠭᠣᠷ ᠠ᠋ᠴᠠ ᠬᠣᠵᠢᠮ ᠢᠯᠡᠷᠡᠭᠰᠡᠨ ᠭᠡᠵᠦ ᠦᠵᠡᠵᠦ ᠪᠣᠯᠳᠠᠭ᠃ ᠴᠤᠭᠤᠷ ᠬᠢᠭᠡᠳ ᠬᠤᠭᠤᠷ ᠪᠣᠢ ᠪᠣᠯᠤᠭᠰᠠᠨ ᠤ᠋ ᠳᠠᠷᠠᠬ᠎ᠠ ᠴᠤᠭᠤᠷᠴᠢ ᠪᠠ ᠬᠤᠭᠤᠷᠴᠢ ᠪᠣᠢ ᠪᠣᠯᠬᠤ ᠨᠢ ᠶᠠᠷᠢᠶᠠᠨ ᠦᠭᠡᠢ ᠬᠡᠷᠡᠭ᠃ ᠭᠡᠬᠦ ᠳ᠋ᠡᠭᠡᠨ ᠡᠬᠢᠨ ᠦᠶ᠎ᠡ ᠳ᠋ᠦ᠍ ᠴᠤᠭᠤᠷᠴᠢ ᠪᠠ ᠬᠤᠭᠤᠷᠴᠢ ᠨᠢ ᠵᠥᠪᠬᠡᠨ ᠴᠤᠭᠤᠷ ᠪᠠ ᠬᠤᠭᠤᠷ ᠲᠠᠲᠠᠳᠠᠭ ᠬᠥᠭᠵᠢᠮᠴᠢ ᠭᠡᠰᠡᠨ ᠤᠳᠬ᠎ᠠ ᠲᠠᠢ ᠪᠠᠢᠭᠰᠠᠨ ᠠ᠋ᠴᠠ ᠪᠢᠰᠢ ᠥᠨᠥ ᠶ᠋ᠢᠨ ᠰᠢᠭ ᠤᠳᠬ᠎ᠠ ᠢᠪᠴᠤᠤ ᠪᠠᠷ ᠦᠯᠢᠭᠡᠷ ᠲᠤᠤᠯᠢ ᠬᠡᠯᠡᠳᠡᠭ ᠬᠥᠮᠦᠨ ᠭᠡᠰᠡᠨ ᠤᠳᠬ᠎ᠠ ᠦᠭᠡᠢ ᠪᠠᠢᠵᠠᠢ᠃ ᠰᠡᠭᠦᠯᠡᠷ ᠨᠢ ᠴᠤᠭᠤᠷ ᠤ᠋ᠨ ᠬᠥᠭᠵᠢᠮ ᠨᠢ ᠮᠣᠩᠭᠣᠯ ᠤ᠋ᠨ ᠤᠯᠠᠮᠵᠢᠯᠠᠯᠲᠤ ᠤᠷᠠᠨ ᠵᠣᠬᠢᠶᠠᠯ ᠤ᠋ᠨ ᠬᠡᠯᠪᠡᠷᠢ ᠪᠣᠯᠬᠤ ᠬᠣᠯᠪᠣᠭ᠎ᠠ ᠰᠢᠯᠦᠭ — ᠴᠢᠨᠠᠭᠰᠢᠯᠠᠭᠠᠳ ᠲᠤᠤᠯᠢ ᠶ᠋ᠢᠨ ᠵᠣᠬᠢᠶᠠᠯ ᠲᠠᠢ ᠨᠡᠢᠯᠡᠭᠡᠳ ᠳᠠᠭᠤᠤ ᠳᠠᠭᠤᠯᠠᠬᠤ ᠪᠤᠶᠤ ᠲᠤᠤᠯᠢ ᠬᠠᠢᠯᠠᠬᠤ ᠪᠣᠯᠵᠠᠢ᠃ ᠢᠩᠭᠢᠭᠰᠡᠨ ᠡᠴᠡ ᠴᠤᠭᠤᠷᠴᠢ ᠶ᠋ᠢᠨ ᠤᠳᠬ᠎ᠠ ᠨᠢ ᠵᠥᠪᠬᠡᠨ ᠴᠣᠭᠣᠷ ᠲᠠᠲᠠᠳᠠᠭ ᠯᠠ ᠬᠥᠮᠦᠨ ᠪᠢᠰᠢ ᠬᠠᠷᠢᠨ ᠴᠤᠭᠤᠷ ᠲᠠᠲᠠᠵᠤ᠂ ᠴᠤᠭᠤᠷ ᠤ᠋ᠨ ᠠᠶ᠎ᠠ ᠳᠡᠭᠡᠷ᠎ᠡ ᠲᠤᠤᠯᠢ ᠬᠡᠯᠡᠳᠡᠭ ᠬᠥᠮᠦᠨ ᠢ᠋ ᠬᠡᠯᠡᠳᠡᠭ ᠪᠣᠯᠵᠠᠢ᠃ ᠡᠢᠮᠦ ᠡᠴᠡ ᠳᠣᠮᠣᠭ ᠦᠯᠢᠭᠡᠷ ᠶᠠᠷᠢᠳᠠᠭ ᠪᠠ ᠮᠠᠩᠭᠤᠰ ᠤ᠋ᠨ ᠦᠯᠢᠭᠡᠷ ᠶᠠᠷᠢᠳᠠᠭ ᠴᠤᠭᠤᠷᠴᠢ ᠨᠠᠷ ᠢ᠋ ᠦᠯᠢᠭᠡᠷᠴᠢ ᠴᠤᠭᠤᠷᠴᠢ ᠪᠠ ᠮᠠᠩᠭᠤᠰᠴᠢ ᠴᠤᠭᠤᠷᠴᠢ ᠭᠡᠵᠦ ᠨᠡᠷᠡᠯᠡᠵᠦ ᠪᠠᠢᠭᠰᠠᠨ ᠶᠤᠮ᠃  
       ᠬᠤᠭᠤᠷᠴᠢ ᠪᠠ ᠬᠤᠭᠤᠷ ᠤ᠋ᠨ ᠦᠯᠢᠭᠡᠷ ᠪᠣᠯ ᠴᠤᠭᠤᠷᠴᠢ ᠪᠠ ᠲᠤᠤᠯᠢ ᠶ᠋ᠢᠨ ᠦᠯᠢᠭᠡᠷ ᠦ᠋ᠨ ᠰᠠᠭᠤᠷᠢ ᠳᠡᠭᠡᠷ᠎ᠡ ᠬᠥᠭᠵᠢᠵᠦ ᠢᠷᠡᠭᠰᠡᠨ ᠶᠦᠮ᠃ ᠵᠠᠷᠢᠮ ᠬᠥᠮᠦᠨ ᠦ᠌ ᠬᠡᠯᠡᠬᠦ ᠪᠡᠷ ᠴᠢᠩ ᠤᠯᠤᠰ ᠤ᠋ᠨ ᠰᠠᠢᠰᠢᠶᠠᠯᠲᠤ ᠢᠷᠦᠭᠡᠯᠲᠦ ᠶ᠋ᠢᠨ ᠦᠶ᠎ᠡ ᠪᠡᠷ ᠮᠠᠨ ᠤ᠋ ᠣᠷᠣᠨ ᠤ᠋ ᠵᠡᠭᠦᠨ ᠬᠡᠰᠡᠭ ᠢ᠋ᠶ᠋ᠡᠷ ᠳᠡᠯᠭᠡᠷᠡᠵᠦ ᠡᠬᠢᠯᠡᠪᠡ ᠭᠡᠳᠡᠭ᠃ ᠬᠡᠯᠡᠯᠭᠡᠨ ᠦᠭᠡᠢ ᠡᠨᠡ ᠨᠢ ᠪᠢᠴᠢᠭ ᠮᠠᠲ᠋ᠸᠷᠢᠶᠠᠯ ᠤ᠋ᠨ ᠡᠰᠢ ᠪᠠᠷᠢᠮᠲᠠ ᠲᠠᠢ ᠪᠠᠢᠵᠤ ᠮᠡᠳᠡᠨ᠎ᠡ᠃ ᠭᠡᠲᠡᠯ᠎ᠡ 《ᠳᠡᠯᠭᠡᠷᠡᠭᠰᠡᠨ》 ᠶᠠᠪᠤᠳᠠᠯ ᠪᠣᠯ ᠡᠭᠦᠰᠦᠭᠰᠡᠨ ᠢ᠋ ᠬᠡᠯᠡᠵᠦ ᠪᠠᠢᠭ᠎ᠠ ᠪᠢᠰᠢ᠃ ᠮᠠᠨ ᠤ᠋ ᠦᠵᠡᠬᠦ ᠪᠡᠷ ᠬᠤᠭᠤᠷ ᠤ᠋ᠨ ᠦᠯᠢᠭᠡᠷ ᠦ᠋ᠨ ᠡᠭᠦᠰᠦᠯ ᠨᠢ ᠡᠭᠦᠨ ᠡᠴᠡ ᠡᠷᠲᠡ ᠪᠠᠢᠵᠤ ᠮᠡᠳᠡᠨ᠎ᠡ᠃ ᠨᠠᠭᠠᠳᠤ ᠵᠠᠬ᠎ᠠ ᠨᠢ ᠬᠤᠭᠤᠷ ᠤ᠋ᠨ ᠦᠯᠢᠭᠡᠷ ᠬᠢᠲᠠᠳ ᠲᠤᠭᠤᠵᠢᠰ ᠤ᠋ᠨ ᠦᠯᠢᠭᠡᠷ ᠢ᠋ ᠠᠪᠴᠤ ᠬᠡᠯᠡᠬᠦ ᠡᠴᠡ ᠡᠮᠦᠨ᠎ᠡ ᠥᠪᠡᠷ ᠤᠨ ᠦᠨᠳᠦᠰᠦᠲᠡᠨ ᠦ᠌ ᠪᠡᠨ ᠦᠯᠢᠭᠡᠷ ᠳᠣᠮᠣᠭ ᠢ ᠬᠡᠯᠡᠭᠰᠡᠨ ᠨᠢᠭᠡ ᠶᠠᠪᠤᠴᠠ ᠪᠠᠢᠳᠠᠭ᠃ ᠴᠢᠩ ᠤᠯᠤᠰ ᠤ᠋ᠨ ᠦᠶ᠎ᠡ ᠪᠡᠷ ᠳᠡᠯᠭᠡᠷᠡᠵᠦ ᠪᠠᠶᠢᠯ᠎ᠠ ᠭᠡᠭᠴᠢ ᠨᠢ ᠬᠢᠲᠠᠳ ᠲᠤᠭᠤᠵᠢᠰ ᠤ᠋ᠨ ᠦᠯᠢᠭᠡᠷ ᠢ᠋ ᠠᠪᠴᠤ ᠬᠡᠯᠡᠭᠰᠡᠨ ᠢ᠋ ᠵᠢᠭᠠᠵᠤ ᠪᠠᠢᠭ᠎ᠠ ᠪᠣᠯᠪᠠᠤ ᠭᠡᠵᠦ ᠪᠢᠳᠡ ᠵᠢᠱ᠌ᠢᠨ᠎ᠡ᠃ ᠬᠢᠲᠠᠳ ᠤ᠋ᠨ ᠲᠤᠭᠤᠵᠢᠰ ᠤ᠋ᠨ ᠵᠣᠬᠢᠶᠠᠯ ᠨᠢ ᠰᠥᠩ ᠤᠯᠤᠰ᠂ ᠶᠤᠸᠠᠨ ᠤᠯᠤᠰ ᠤ᠋ᠨ ᠦᠯᠢᠭᠡᠷ ᠦ᠋ᠨ ᠳᠡᠪᠲᠡᠷ (话本) ᠦ᠋ᠨ ᠰᠠᠭᠤᠷᠢ ᠳᠡᠭᠡᠷ᠎ᠡ ᠬᠥᠭᠵᠢᠭᠡᠳ ᠮᠢᠩ ᠤᠯᠤᠰ᠂ ᠴᠢᠩ ᠤᠯᠤᠰ ᠤ᠋ᠨ ᠦᠶ᠎ᠡ ᠪᠡᠷ ᠬᠡᠯᠪᠡᠷᠢᠵᠢᠨ ᠲᠣᠭᠲᠠᠵᠤ ᠬᠥᠭᠵᠢᠨ ᠪᠠᠳᠠᠷᠠᠭᠰᠠᠨ ᠪᠠᠢᠨ᠎ᠠ᠃ ᠡᠨᠡᠬᠦ ᠰᠢᠨ᠎ᠡ ᠱᠣᠷᠭᠣᠭ ᠤᠷᠠᠨ ᠵᠣᠬᠢᠶᠠᠯ ᠤ᠋ᠨ ᠬᠡᠯᠪᠡᠷᠢ ᠨᠢ ᠵᠣᠬᠢᠬᠤ ᠨᠥᠬᠥᠴᠡᠯ ᠪᠠᠢᠳᠠᠯ ᠤ᠋ᠨ ᠳᠣᠣᠷ᠎ᠠ ᠪᠢᠴᠢᠭ ᠦ᠋ᠨ ᠬᠥᠮᠦᠨ ᠦ᠌ ᠭᠠᠷ ᠢ᠋ᠶ᠋ᠠᠷ ᠳᠡᠮᠵᠢᠵᠦ᠂ ᠮᠣᠩᠭᠣᠯ ᠬᠡᠯᠡ ᠳᠡᠭᠡᠷ᠎ᠡ ᠣᠷᠴᠢᠭᠤᠯᠤᠭᠳᠠᠵᠤ ᠤᠯᠠᠮᠵᠢᠯᠠᠭᠰᠠᠨ ᠳ᠋ᠤ᠌ ᠲᠤᠬᠠᠢ ᠶ᠋ᠢᠨ ᠦᠶ᠎ᠡ ᠶ᠋ᠢᠨ ᠬᠤᠭᠤᠷᠴᠢ ᠨᠠᠷ ᠬᠡᠷᠡᠭᠴᠡᠭᠡᠨ ᠳ᠋ᠡᠭᠡᠨ ᠲᠣᠬᠢᠷᠠᠭᠤᠯᠵᠤ ᠲᠡᠭᠦᠨ ᠢ᠋ ᠪᠦᠲᠦᠭᠡᠯᠴᠢ ᠪᠡᠷ ᠰᠢᠯᠵᠢᠭᠦᠯᠦᠨ ᠠᠪᠴᠤ ᠬᠤᠭᠤᠷ ᠤ᠋ᠨ ᠦᠯᠢᠭᠡᠷ ᠪᠣᠯᠭᠠᠵᠤ᠂ ᠥᠪᠡᠷ ᠤᠨ ᠦᠨᠳᠦᠰᠦᠲᠡᠨ ᠦ᠌ ᠣᠨᠴᠠᠯᠢᠭ ᠲᠠᠭᠠᠨ ᠲᠣᠬᠢᠷᠠᠭᠤᠯᠤᠨ ᠬᠡᠯᠡᠭᠰᠡᠨ ᠨᠢ ᠢᠯᠡᠷᠬᠡᠢ ᠶᠦᠮ᠃ ᠡᠳᠡᠭᠡᠷ ᠦᠯᠢᠭᠡᠷ ᠦ᠋ᠳ ᠨᠢ ᠠᠭᠤᠯᠭ᠎ᠠ ᠶ᠋ᠢᠨ ᠲᠠᠯ᠎ᠠ ᠪᠠᠷ ᠬᠢᠲᠠᠳ ᠵᠣᠬᠢᠶᠠᠯ ᠤ᠋ᠨ ᠦᠯᠢᠭᠡᠷᠯᠢᠭ ᠶᠠᠪᠤᠴᠠ ᠶ᠋ᠢ ᠬᠡᠷᠡᠭᠯᠡᠭᠰᠡᠨ ᠪᠣᠯᠪᠠᠴᠤ ᠢᠯᠡᠳᠬᠡᠬᠦ ᠠᠷᠭ᠎ᠠ ᠪᠠᠷᠢᠯ ᠤ᠋ᠨ ᠲᠠᠯ᠎ᠠ ᠪᠠ ᠪᠤᠰᠤᠳ ᠤᠷᠠᠯᠢᠭ ᠤ᠋ᠨ ᠳᠡᠯ ᠊ᠠ᠋ ᠪᠠᠷ ᠮᠣᠩᠭᠣᠯᠵᠢᠭᠤ ᠬᠡᠯᠪᠡᠷᠢ ᠣᠷᠣᠵᠤ᠂ ᠦᠨᠳᠦᠰᠦᠲᠡᠨ ᠦ᠌ ᠣᠨᠴᠠᠯᠢᠭ ᠲᠠᠭᠠᠨ ᠨᠢᠭᠲᠠ ᠵᠣᠬᠢᠯᠳᠤᠨ ᠦᠨᠳᠦᠰᠦᠲᠡᠨ ᠲᠦᠮᠡᠨ ᠦ᠌ ᠪᠡᠨ ᠬᠦᠰᠡᠯ ᠮᠥᠷᠥᠭᠡᠳᠦᠯ ᠪᠣᠯᠤᠨ ᠭᠤᠸ᠎ᠠ ᠲᠠᠭᠠᠰᠢᠶᠠᠯ ᠢ᠋ ᠢᠯᠡᠳᠬᠡᠭᠰᠡᠨ ᠪᠠᠢᠳᠠᠭ᠃ ᠵᠠᠷᠢᠮ ᠦᠯᠢᠭᠡᠷ ᠨᠢ ᠪᠠᠰᠠ ᠬᠥᠭᠵᠢᠯ ᠤᠨ ᠶᠠᠪᠤᠴᠠ ᠳ᠋ᠠᠭᠠᠨ ᠤᠤᠯ ᠤ᠋ᠨ ᠬᠢᠲᠠᠳ ᠦᠯᠢᠭᠡᠷ ᠯᠦ᠍ᠭᠡ ᠠᠳᠠᠯᠢ ᠦᠭᠡᠢ ᠪᠣᠯᠵᠤ ᠬᠠᠷᠢᠨ ᠥᠭᠡᠷ᠎ᠡ ᠨᠢᠭᠡ ᠪᠡᠶ᠎ᠡ ᠪᠡᠨ ᠳᠠᠭᠠᠭᠠᠭᠰᠠᠨ ᠰᠢᠨ᠎ᠡ ᠦᠯᠢᠭᠡᠷ ᠰᠢᠭ ᠪᠣᠯᠤᠭᠰᠠᠨ ᠪᠠᠢᠨ᠎ᠠ᠃ ᠵᠢᠱ᠌ᠢᠶᠡᠯᠡᠪᠡᠯ᠂ ᠣᠯᠠᠨ ᠤᠯᠤᠰ ᠤ᠋ᠨ ᠦᠯᠢᠭᠡᠷ ᠲᠦ᠍ ᠭᠠᠷᠳᠠᠭ ᠴᠢ ᠤᠯᠤᠰ ᠤ᠋ᠨ ᠵᠦᠩ ᠭᠦᠸᠧ ᠮᠦ᠍ ᠬᠠᠲᠤᠨ ᠢ᠋ ᠥᠨᠥ ᠶ᠋ᠢᠨ ᠲᠠᠷᠬᠠᠵᠤ ᠪᠠᠢᠭ᠎ᠠ ᠣᠯᠠᠨ ᠤᠯᠤᠰ ᠤ᠋ᠨ ᠦᠯᠢᠭᠡᠷ ᠲᠦ᠍ ᠲᠣᠪᠴᠢ ᠳᠤᠷᠠᠳᠤᠭᠠᠳ ᠯᠠ ᠭᠠᠷᠤᠭᠰᠠᠨ ᠪᠠᠢᠲᠠᠯ᠎ᠠ ᠪᠠᠨ ᠮᠣᠩᠭᠣᠯ ᠦᠯᠢᠭᠡᠷ ᠳᠡᠭᠡᠷ᠎ᠡ ᠬᠠᠷᠢᠨ ᠡᠷᠳᠡᠮ ᠴᠢᠳᠠᠯ ᠶᠡᠬᠡᠲᠢ ᠴᠢᠬᠤᠯᠠ ᠦᠢᠯᠡᠳᠦᠯ ᠦᠵᠡᠭᠦᠯᠦᠭᠰᠡᠨ ᠡᠮᠡᠭᠲᠡᠢ ᠪᠠᠭᠠᠲᠤᠷ ᠤ᠋ᠨ ᠳᠦᠷᠢ ᠪᠣᠯᠭᠠᠨ ᠲᠤᠰᠬᠠᠵᠠᠢ᠃ ᠡᠨᠡ ᠨᠢ ᠮᠣᠩᠭᠣᠯ ᠬᠤᠭᠤᠷ ᠤ᠋ᠨ ᠦᠯᠢᠭᠡᠷ ᠲᠦ᠍ ᠣᠯᠠᠨ ᠵᠢᠯ ᠣᠨᠳᠣᠷᠰᠢ ᠬᠤᠭᠤᠷᠴᠢ ᠨᠠᠷ ᠤ᠋ᠨ ᠪᠦᠲᠦᠭᠡᠯᠴᠢ ᠬᠥᠳᠡᠯᠮᠦᠷᠢ ᠪᠠ ᠣᠶᠤᠨ ᠪᠢᠯᠢᠭ ᠰᠢᠮᠡᠳᠦᠭᠡᠳ᠂ ᠥᠷᠨᠢᠩᠭᠦᠢ ᠬᠥᠭᠵᠢᠯ ᠦ᠋ᠨ ᠵᠠᠮ ᠢ᠋ᠶ᠋ᠠᠷ ᠢ᠋ᠶ᠋ᠠᠨ ᠠᠬᠢᠵᠤ ᠮᠣᠩᠭᠣᠯ ᠤ᠋ᠨ ᠤᠳᠬ᠎ᠠ ᠤᠷᠠᠯᠢᠭ ᠤ᠋ᠨ ᠥᠩᠭᠡ ᠶ᠋ᠢᠨ ᠴᠡᠴᠡᠭ ᠦ᠋ᠨ ᠬᠦᠷᠢᠶᠡᠯᠡᠩ ᠳ᠋ᠦ᠍ ᠪᠡᠶ᠎ᠡ ᠪᠡᠨ ᠳᠠᠭᠠᠭᠠᠭᠰᠠᠨ ᠨᠢᠭᠡ ᠪᠤᠲᠠ ᠢᠯᠭᠤᠮ ᠭᠣᠪᠣᠷ ᠴᠡᠴᠡᠭ ᠪᠣᠯᠤᠨ ᠳᠡᠯᠭᠡᠷᠡᠪᠡ ᠭᠡᠰᠡᠨ ᠢ᠋ ᠬᠠᠷᠠᠭᠤᠯᠵᠤ ᠪᠠᠢᠨ᠎ᠠ᠃ ᠢᠯᠠᠩᠭᠤᠶ᠎ᠠ ᠮᠠᠨ ᠤ᠋ ᠤᠳᠬ᠎ᠠ ᠤᠷᠠᠯᠢᠭ ᠤᠷᠢᠳ ᠡᠮᠦᠨ᠎ᠡ ᠭᠠᠷᠤᠭ᠎ᠠ ᠦᠭᠡᠢ ᠬᠥᠭᠵᠢᠨ ᠴᠡᠴᠡᠭᠯᠡᠵᠦ ᠪᠠᠢᠭ᠎ᠠ ᠥᠨᠥᠳᠥᠷ᠂ ᠬᠤᠭᠤᠷ ᠤ᠋ᠨ ᠦᠯᠢᠭᠡᠷ ᠦ᠋ᠨ ᠬᠥᠭᠵᠢᠯ ᠦ᠋ᠨ ᠵᠠᠮ ᠨᠡᠩ ᠰᠠᠷᠠᠭᠤᠯ ᠳᠠᠷᠳᠠᠩ ᠪᠣᠯᠵᠤ᠂ ᠮᠠᠨ ᠤ᠋ ᠴᠠᠭ ᠦᠶ᠎ᠡ ᠶ᠋ᠢᠨ ᠰᠢᠨ᠎ᠡ ᠠᠮᠢᠷᠳᠤᠷᠠᠯ ᠢ᠋ ᠲᠤᠰᠬᠠᠬᠤ ᠳ᠋ᠤ᠌ ᠥᠪᠡᠷ ᠤᠨ ᠵᠣᠬᠢᠬᠤ ᠦᠢᠯᠡᠳᠦᠯ ᠢ᠋ᠶ᠋ᠡᠨ ᠦᠵᠡᠭᠦᠯᠬᠦ ᠨᠢ ᠳᠠᠮᠵᠢᠭ ᠦᠭᠡᠢ ᠭᠡᠵᠦ ᠪᠢᠳᠡ ᠦᠵᠡᠨ᠎ᠡ᠃