1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ ᠮᠢᠯᠢᠶᠠᠬᠤ ᠢᠷᠥᠭᠡᠯ - ᠪᠦᠷᠢᠨᠪᠢᠯᠢᠭ Гэр мялаах ерөөл-Бүрнбилэг Ger myalaakh yerööl-Bürnbileg

ᠭᠡᠷ ᠮᠢᠯᠢᠶᠠᠬᠤ ᠢᠷᠥᠭᠡᠯ - ᠪᠦᠷᠢᠨᠪᠢᠯᠢᠭ Гэр мялаах ерөөл-Бүрнбилэг Ger myalaakh yerööl-Bürnbileg

2025-03-14

837

ᠭᠡᠷ ᠮᠢᠯᠢᠶᠠᠬᠤ ᠢᠷᠦᠭᠡᠯ

   ᠦᠭᠡ᠄ ᠪᠦᠷᠢᠨᠪᠢᠯᠢᠭ 
   ᠢᠷᠦᠭᠡᠯᠴᠢ᠄ ᠪᠦᠷᠢᠨᠪᠢᠯᠢᠭ 

ᠵᠠ! 
ᠡᠩᠬᠡ ᠰᠠᠢᠨ ᠠᠮᠤᠭᠤᠯᠠᠩ ᠪᠣᠯᠲᠤᠭᠠᠢ! 
ᠡᠯᠪᠡᠭ ᠰᠠᠢᠬᠠᠨ ᠵᠢᠷᠭᠠᠯᠠᠩᠲᠤᠨ ᠣᠷᠣᠰᠢᠬᠤ ᠪᠣᠯᠲᠤᠭᠠᠢ! 

ᠴᠠᠭ ᠤ᠋ᠨ ᠰᠠᠢᠨ ᠢ᠋ ᠰᠣᠩᠭᠣᠵᠤ 
ᠰᠠᠷ᠎ᠠ ᠶ᠋ᠢᠨ ᠰᠠᠢᠬᠠᠨ ᠢ᠋ ᠰᠢᠨᠵᠢᠵᠦ 
ᠡᠳᠦᠷ ᠦ᠋ᠨ ᠰᠠᠢᠨ ᠢ᠋ ᠦᠵᠡᠵᠦ 
ᠥᠯᠵᠡᠢ ᠪᠡᠯᠭᠡ ᠲᠡᠢ ᠡᠨᠡ ᠡᠳᠦᠷ 
ᠰᠠᠳᠤᠨ ᠲᠥᠷᠥᠯ ᠢ᠋ᠶ᠋ᠡᠨ ᠤᠷᠢᠵᠤ 
ᠰᠠᠢᠨ ᠨᠠᠢᠵᠠ ᠪᠠᠨ ᠵᠠᠯᠠᠵᠤ 
ᠰᠠᠭᠠᠬᠠᠯᠲᠠ ᠣᠯᠠᠨ ᠢ᠋ᠶ᠋ᠠᠷ ᠬᠦᠷᠦᠯᠴᠡᠵᠦ 
ᠰᠠᠢᠨ ᠬᠦᠦ ᠪᠡᠨ ᠭᠡᠷᠯᠡᠬᠦ ᠭᠡᠵᠦ 
ᠰᠠᠷᠠᠭᠤᠯ ᠲᠣᠬᠢᠯᠢᠭ ᠥᠷᠥᠭᠡ ᠭᠡᠷ ᠦ᠋ᠨ ᠢ᠋ᠶ᠋ᠡᠨ 
ᠰᠠᠢᠬᠠᠨ ᠪᠦᠬᠦᠨ ᠢ᠋ ᠪᠡᠨ ᠮᠢᠯᠢᠶᠠᠬᠤ ᠭᠡᠵᠦ
ᠦᠳᠡᠯᠦᠭᠡ ᠪᠤᠭᠤᠷᠤᠯ ᠠ᠋ᠴᠠ ᠪᠠᠨ ᠲᠦᠷᠦᠭᠦᠯᠡᠨ
ᠦᠶ᠎ᠡ ᠶ᠋ᠢᠨ ᠣᠯᠠᠨ ᠢ᠋ᠶ᠋ᠠᠷ ᠢ᠋ᠶ᠋ᠠᠨ ᠳᠠᠷᠠᠭᠠᠯᠠᠨ
ᠥᠰᠪᠥᠷᠢ ᠶ᠋ᠢᠨ ᠳᠡᠭᠦᠦ ᠨᠠᠷ ᠢ᠋ᠶ᠋ᠠᠨ ᠬᠦᠷᠲᠡᠯ᠎ᠡ
ᠥᠷᠭᠡᠨ ᠡᠩ ᠲᠡᠢ ᠬᠠᠳᠠᠭ ᠤ᠋ᠨ ᠬᠢᠨᠢ
ᠥᠯᠵᠡᠢᠲᠦ ᠰᠠᠢᠬᠠᠨ ᠡᠩ ᠳᠡᠭᠡᠷ᠎ᠡ
ᠥᠨᠢᠷ ᠰᠦᠷᠦᠭ ᠦ᠋ᠨ ᠰᠢᠮ᠎ᠡ ᠶ᠋ᠢᠨ ᠳᠡᠭᠡᠵᠢ
ᠥᠷᠥᠮ᠎ᠡ ᠰᠢᠷ᠎ᠠ ᠲᠣᠰᠣ ᠪᠠᠷ ᠢ᠋ᠶ᠋ᠠᠨ ᠮᠢᠯᠢᠶᠠᠮᠤ
ᠥᠨᠢᠳᠡ ᠶ᠋ᠢᠨ ᠶᠡᠬᠡ ᠪᠤᠶᠠᠨ ᠬᠡᠰᠢᠭ
ᠡᠨᠡ ᠭᠡᠷ ᠲᠦ᠍ ᠬᠤᠷᠠᠬᠤ ᠪᠣᠯᠲᠤᠭᠠᠢ!
ᠵᠠ!
ᠥᠨᠳᠥᠷ ᠠᠭᠤᠯᠠᠨ ᠤ᠋ ᠦᠵᠡᠮᠵᠢ
ᠥᠨᠢᠷ ᠵᠢᠷᠭᠠᠯ ᠢ᠋ ᠢᠪᠡᠭᠡᠵᠦ
ᠥᠷᠭᠡᠨ ᠭᠣᠣᠯ ᠤ᠋ᠨ ᠤᠷᠤᠰᠬᠠᠯ
ᠥᠯᠵᠡᠢ ᠮᠥᠷ ᠢ᠋ ᠪᠡᠯᠭᠡᠳᠡᠭᠰᠡᠨ
ᠪᠣᠭᠳᠠ ᠬᠠᠢᠷᠬᠠᠨ ᠰᠢᠲᠦᠭᠡᠨ ᠳ᠋ᠡᠭᠡᠨ
ᠪᠤᠶᠠᠨ ᠲᠠᠢ ᠶᠠᠪᠤᠬᠤ ᠶ᠋ᠢ ᠳᠠᠭᠠᠳᠬᠠᠶ᠎ᠠ
ᠨᠠᠢᠷ ᠤ᠋ᠨ ᠣᠯᠠᠨ ᠭᠡᠢᠴᠢᠳ ᠡᠴᠡ ᠨᠢ
ᠨᠠᠨᠳᠢᠨ ᠢᠷᠦᠭᠡᠯ ᠢ᠋ ᠬᠦᠰᠡᠶ᠎ᠡ
ᠥᠯᠥᠭᠡᠢ ᠨᠤᠲᠤᠭ ᠤ᠋ᠨ ᠢ᠋ᠶ᠋ᠠᠨ ᠥᠷᠥᠴᠡᠨ ᠳᠡᠭᠡᠷ᠎ᠡ
ᠥᠯᠵᠡᠢ ᠲᠡᠢ ᠪᠦᠬᠦᠨ ᠢ᠋ ᠳᠠᠯᠠᠯᠤᠭᠰᠠᠨ
ᠥᠨᠳᠥᠷ ᠰᠠᠭᠤᠷᠢ ᠶ᠋ᠢ ᠲᠠᠯᠪᠢᠭᠰᠠᠨ
ᠡᠭᠦᠳᠡ ᠡᠷᠦᠬᠡ ᠪᠡᠨ ᠰᠡᠬᠦᠭᠰᠡᠨ
ᠣᠷᠣᠭᠠᠳ ᠢᠷᠡᠬᠦ ᠪᠡᠷ ᠠᠭᠤᠵᠢᠮ  ᠰᠠᠢᠬᠠᠨ
ᠣᠷᠣᠨ ᠪᠠᠢᠷᠢ ᠨᠢ ᠲᠥᠪᠬᠢᠨᠡᠭᠦᠨ ᠰᠠᠢᠬᠠᠨ
ᠲᠠᠯ᠎ᠠ ᠦᠵᠡᠭᠳᠡᠭᠡᠳ ᠲᠠᠯᠪᠢᠭᠤᠨ ᠰᠠᠢᠬᠠᠨ
ᠲᠠᠯᠪᠢᠭᠰᠠᠨ ᠪᠦᠬᠦᠨ ᠨᠢ ᠰᠢᠨ᠎ᠡ ᠰᠠᠢᠬᠠᠨ
ᠨᠠᠷᠠ ᠨᠠᠯᠠᠢᠭᠠᠳ ᠭᠡᠭᠡ ᠲᠡᠢ ᠰᠠᠢᠬᠠᠨ
ᠨᠠᠰᠤᠲᠠᠳ ᠰᠠᠭᠠᠳᠠᠭᠠᠳ ᠢᠷᠦᠭᠡᠯ ᠲᠡᠢ ᠰᠠᠢᠬᠠᠨ
ᠢᠷᠡᠭᠰᠡᠨ ᠭᠡᠢᠴᠢᠳ ᠨᠢ ᠢᠨᠢᠶᠡᠳᠦ ᠲᠡᠢ ᠰᠠᠢᠬᠠᠨ
ᠠᠮᠢᠳᠤᠷᠠᠯ ᠭᠡᠳᠡᠭ ᠴᠢᠨᠢ ᠵᠢᠷᠭᠠᠯ ᠲᠠᠢ ᠰᠠᠢᠬᠠᠨ
ᠠᠪᠤ ᠡᠵᠢ ᠡᠴᠡ ᠨᠢ ᠠᠰᠠᠭᠠᠭᠰᠠᠨ
ᠠᠷᠢᠭᠤᠨ ᠬᠡᠰᠢᠭ ᠨᠢ ᠬᠤᠷᠠᠭᠰᠠᠨ
ᠬᠠᠲᠠᠭᠤ ᠶ᠋ᠢ ᠤᠶᠠᠷᠠᠭᠤᠯᠤᠭᠴᠢ
ᠬᠠᠷᠠᠩᠭᠤᠢ ᠶ᠋ᠢ ᠭᠡᠢᠭᠦᠯᠦᠭᠴᠢ
ᠭᠠᠯ ᠭᠠᠯᠪᠢᠷᠬᠠᠨ ᠭᠠᠩ ᠲᠤᠯᠭᠠᠨ ᠤ᠋ ᠬᠢᠨᠢ 
ᠭᠠᠩᠭᠠᠩ ᠰᠠᠢᠬᠠᠨ ᠣᠴᠣᠭ ᠳᠡᠭᠡᠷ᠎ᠡ
ᠥᠭᠡᠬᠦ ᠲᠣᠰᠣ ᠦᠨᠡᠲᠦ ᠳᠠᠷᠠᠰᠤ ᠡᠷᠭᠦᠨ ᠮᠢᠯᠢᠶᠠᠮᠤ
ᠥᠨᠢᠳᠡ ᠶ᠋ᠢᠨ ᠶᠡᠬᠡ ᠪᠤᠶᠠᠨ ᠬᠡᠰᠢᠭ
ᠡᠨᠡ ᠭᠡᠷ ᠲᠦ᠍ ᠪᠠᠳᠠᠷᠠᠬᠤ ᠪᠣᠯᠲᠤᠭᠠᠢ!
ᠬᠤᠷᠤᠢ ᠬᠤᠷᠤᠢ ᠬᠤᠷᠤᠢ!
ᠰᠢᠨ᠎ᠡ ᠪᠡᠷᠢ ᠡᠷᠦᠬᠡ ᠶ᠋ᠢ ᠨᠢ ᠲᠠᠲᠠᠵᠤ
ᠰᠢᠨ᠎ᠡ ᠠᠮᠢᠳᠤᠷᠠᠯ ᠡᠭᠦᠳᠡ ᠶ᠋ᠢ ᠨᠢ ᠰᠡᠬᠦᠵᠦ
ᠬᠦᠦ ᠵᠠᠯᠠᠭᠤ ᠶ᠋ᠢᠨ ᠢ᠋ᠶ᠋ᠡᠨ ᠰᠢᠨ᠎ᠡ ᠭᠡᠷ ᠢ᠋ ᠮᠢᠯᠢᠶᠠᠮᠤ
ᠵᠠ!
ᠨᠠᠷᠠᠰᠤᠨ ᠮᠣᠳᠣᠨ ᠬᠠᠭᠠᠯᠭ᠎ᠠ ᠶ᠋ᠢ ᠨᠢ ᠮᠢᠯᠢᠶᠠᠮᠤ
ᠨᠠᠷᠠ ᠬᠤᠷᠠᠭᠰᠠᠨ ᠴᠣᠩᠬᠣ ᠶ᠋ᠢ ᠨᠢ ᠮᠢᠯᠢᠶᠠᠮᠤ
ᠳ᠋ᠧᠩ ᠴᠢᠮᠡᠭ ᠲᠡᠢ ᠳᠡᠭᠡᠪᠦᠷ ᠢ᠋ ᠨᠢ ᠮᠢᠯᠢᠶᠠᠮᠤ
ᠳᠡᠭᠡᠭᠰᠢ ᠬᠡᠢᠮᠣᠷᠢ ᠲᠠᠢ ᠲᠣᠲᠣᠭᠣ ᠶ᠋ᠢ ᠨᠢ ᠮᠢᠯᠢᠶᠠᠮᠤ
ᠭᠠᠨᠲᠢᠭ ᠴᠢᠯᠠᠭᠤᠨ ᠴᠣᠩᠬᠣᠨ ᠲᠠᠢᠰᠠ ᠶ᠋ᠢ ᠨᠢ ᠮᠢᠯᠢᠶᠠᠮᠤ 
ᠭᠠᠩᠭᠠᠩ ᠴᠠᠭᠠᠨ ᠬᠠᠨ᠎ᠠ ᠶ᠋ᠢ ᠨᠢ ᠮᠢᠯᠢᠶᠠᠮᠤ
ᠬᠠᠨ᠎ᠠ ᠳ᠋ᠤ᠌ ᠪᠠᠨ ᠪᠠᠢᠬᠤ ᠬᠡᠪᠢᠰ ᠵᠢᠷᠤᠭ ᠢ᠋ ᠨᠢ ᠮᠢᠯᠢᠶᠠᠮᠤ
ᠬᠠᠵᠠᠭᠤ ᠳ᠋ᠤ᠌ ᠨᠢ ᠲᠤᠨᠤᠷᠠᠭᠰᠠᠨ ᠲᠧᠯᠸᠢᠰ ᠢ᠋ ᠨᠢ ᠮᠢᠯᠢᠶᠠᠮᠤ
ᠪᠤᠷᠬᠠᠨ ᠲᠠᠬᠢᠯ ᠲᠠᠢ ᠬᠣᠢᠮᠣᠷ ᠢ᠋ ᠨᠢ ᠮᠢᠯᠢᠶᠠᠮᠤ
ᠪᠤᠶᠠᠨ ᠳᠠᠯᠠᠯᠭ᠎ᠠ ᠲᠠᠢ ᠪᠣᠱᠣᠭ᠎ᠠ ᠶ᠋ᠢ ᠨᠢ ᠮᠢᠯᠢᠶᠠᠮᠤ
ᠪᠣᠰᠤᠭ᠎ᠠ ᠰᠣᠶᠣᠯ ᠢ᠋ᠶ᠋ᠠᠨ ᠳᠡᠭᠡᠳᠦᠯᠡᠭᠰᠡᠨ 
ᠪᠤᠮᠠᠨ ᠡᠷᠳᠡᠨᠢ ᠶ᠋ᠢᠨ ᠨᠣᠮ ᠰᠤᠳᠤᠷ ᠢ᠋ᠶ᠋ᠠᠨ ᠮᠢᠯᠢᠶᠠᠮᠤ
ᠵᠠ!
ᠥᠮᠥ ᠽᠠᠨᠳᠠᠨ ᠢ᠋ᠶ᠋ᠠᠷ ᠬᠢᠭᠰᠡᠨ
ᠥᠭᠡᠳᠡᠩ ᠲᠣᠷᠭᠠᠨ ᠳᠡᠪᠢᠰᠬᠡᠷ ᠲᠡᠢ
ᠥᠷᠥᠭᠡ ᠭᠡᠷ ᠲᠦ᠍ ᠨᠢ ᠵᠠᠰᠠᠯ ᠪᠣᠯᠤᠭᠰᠠᠨ
ᠦᠵᠡᠮᠵᠢ ᠪᠦᠷᠢᠳᠦᠭᠰᠡᠨ ᠵᠥᠭᠡᠯᠡᠨ ᠰᠠᠭᠤᠳᠠᠯ ᠱᠠᠹᠠ ᠶ᠋ᠢ ᠨᠢ ᠮᠢᠯᠢᠶᠠᠮᠤ
ᠥᠩᠭᠡ ᠪᠣᠳᠣᠭ ᠨᠢ ᠮᠢᠷᠠᠯᠵᠠᠭᠰᠠᠨ
ᠡᠳᠦᠭᠡ ᠴᠠᠭ ᠲᠤ᠌ ᠪᠠᠨ ᠲᠣᠬᠢᠷᠠᠭᠰᠠᠨ
ᠥᠷᠥᠭᠡ ᠲᠠᠰᠤᠯᠭ᠎ᠠ ᠪᠦᠬᠦᠨ  ᠦ᠌ ᠪᠡᠨ
ᠦᠨ᠎ᠡ ᠲᠡᠢ ᠪᠡᠨ᠎ᠡ ᠲᠡᠢ ᠪᠦᠬᠦᠨ ᠢ᠋ ᠨᠢ ᠮᠢᠯᠢᠶᠠᠮᠤ
ᠥᠨᠢᠳᠡ ᠶ᠋ᠢᠨ ᠶᠡᠬᠡ ᠪᠤᠶᠠᠨ ᠬᠡᠰᠢᠭ ᠡᠨᠡ ᠭᠡᠷ ᠲᠦ᠍ ᠬᠤᠷᠠᠬᠤ ᠪᠣᠯᠲᠤᠭᠠᠢ!
ᠬᠤᠷᠤᠢ ᠬᠤᠷᠤᠢ ᠬᠤᠷᠤᠢ!
ᠵᠠ!
ᠰᠢᠷ ᠰᠠᠢᠲᠠᠢ ᠰᠢᠷᠡᠭᠡ ᠶ᠋ᠢ ᠨᠢ ᠮᠢᠯᠢᠶᠠᠮᠤ
ᠰᠡᠢᠯᠦᠮᠡᠯ ᠬᠡ ᠲᠡᠢ ᠰᠠᠨᠳᠠᠯᠢ ᠶ᠋ᠢ ᠨᠢ ᠮᠢᠯᠢᠶᠠᠮᠤ
ᠰᠠᠶ᠎ᠠ ᠮᠣᠩᠭᠣᠯ ᠤ᠋ᠨ ᠦᠨᠡᠲᠦ  ᠡᠷᠳᠡᠨᠢᠰ
ᠰᠠᠢᠬᠠᠨ ᠵᠠᠰᠠᠯ ᠲᠠᠢ ᠡᠮᠡᠭᠡᠯ ᠢ᠋ ᠨᠢ ᠮᠢᠯᠢᠶᠠᠮᠤ
ᠰᠠᠭᠠᠷᠠᠰᠢ ᠦᠭᠡᠢ ᠪᠤᠶᠠᠨ ᠬᠡᠰᠢᠭ ᠡᠨᠡ ᠭᠡᠷ ᠲᠦ᠍ ᠣᠷᠣᠰᠢᠬᠤ ᠪᠣᠯᠲᠤᠭᠠᠢ!
ᠴᠠᠢ ᠨᠢ ᠬᠠᠯᠠᠭᠤᠨ ᠰᠠᠪᠠ  ᠰᠠᠭᠤᠯᠠᠭ᠎ᠠ ᠶ᠋ᠢ ᠨᠢ ᠮᠢᠯᠢᠶᠠᠮᠤ
ᠴᠠᠭᠠᠨ ᠢᠳᠡᠭᠡ ᠲᠡᠢ ᠲᠠᠪᠠᠭ ᠢ᠋ ᠨᠢ ᠮᠢᠯᠢᠶᠠᠮᠤ
ᠴᠢᠨᠡᠭᠡᠯᠢᠭ ᠠᠮᠢᠳᠤᠷᠠᠯ ᠪᠢᠯᠬᠠᠭᠰᠠᠨ
ᠴᠠᠭᠯᠠᠰᠢ ᠦᠭᠡᠢ ᠪᠤᠶᠠᠨ ᠬᠡᠰᠢᠭ ᠡᠨᠡ ᠭᠡᠷ ᠲᠦ᠍ ᠬᠤᠷᠠᠬᠤ ᠪᠣᠯᠲᠤᠭᠠᠢ!
ᠬᠤᠷᠤᠢ ᠬᠤᠷᠤᠢ ᠬᠤᠷᠤᠢ!

   ᠦᠰᠦᠭ ᠠᠮᠢᠯᠠᠭᠤᠯᠤᠭᠴᠢ᠄ ᠪᠤᠤ ᠰᠠᠷᠠᠨ᠎ᠠ
   ᠦᠰᠦᠭ ᠬᠠᠳᠠᠭᠴᠢ᠄ ᠪᠤᠤ ᠰᠠᠷᠠᠨ᠎ᠠ
   ᠬᠢᠨᠠᠭᠴᠢ᠄ ᠣᠳᠬᠠᠨᠰᠣ᠎ᠠ