ᠲᠠᠯᠠᠷᠬᠠᠯТалархал Talarkhal ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠯᠠᠷᠬᠠᠯТалархал Talarkhal

ᠲᠠᠯᠠᠷᠬᠠᠯТалархал Talarkhal

2025-03-14

1765

ᠲᠠᠯᠠᠷᠬᠠᠯ

ᠬᠥᠬᠡ ᠮᠥᠩᠬᠡ ᠡᠴᠢᠭᠡ ᠲᠩᠷᠢ ᠳ᠋ᠦ᠍ ᠪᠡᠨ ᠲᠠᠯᠠᠷᠬᠠᠯ᠎ᠠ 
ᠬᠥᠷᠥᠰᠥᠲᠦ ᠠᠯᠲᠠᠨ ᠳᠡᠯᠡᠬᠡᠢ ᠭᠠᠵᠠᠷ ᠡᠵᠢ ᠳ᠋ᠦ᠍ ᠪᠡᠨ ᠲᠠᠯᠠᠷᠬᠠᠯ᠎ᠠ 
ᠠᠯᠢᠪᠠ ᠠᠮᠢ ᠶ᠋ᠢ ᠭᠡᠢᠭᠦᠯᠦᠭᠴᠢ ᠨᠠᠷᠠᠨ  ᠰᠠᠷᠠᠨ ᠳ᠋ᠤ᠌ ᠪᠠᠨ ᠲᠠᠯᠠᠷᠬᠠᠯ᠎ᠠ 
ᠣᠭᠲᠠᠷᠭᠤᠢ ᠶ᠋ᠢᠨ ᠣᠳᠣ ᠡᠷᠬᠡᠰ ᠲᠦ᠍ ᠪᠡᠨ ᠲᠠᠯᠠᠷᠬᠠᠯ᠎ᠠ 
ᠠᠷᠢᠭᠤᠨ ᠲᠤᠩᠭᠠᠯᠠᠭ ᠷᠠᠰᠢᠶᠠᠨ ᠤᠰᠤᠨ ᠳ᠋ᠤ᠌ ᠪᠠᠨ ᠲᠠᠯᠠᠷᠬᠠᠯ᠎ᠠ 
ᠣᠷᠴᠢᠯᠠᠩ ᠶᠢᠷᠲᠢᠨᠴᠦ ᠶ᠋ᠢᠨ ᠠᠮᠢᠲᠠᠨ ᠵᠢᠷᠭᠤᠭᠠᠨ ᠵᠦᠢᠯ ᠳ᠋ᠦ᠍ ᠲᠠᠯᠠᠷᠬᠠᠯ᠎ᠠ 
ᠠᠮᠢᠰᠬᠤᠵᠤ ᠪᠠᠢᠭ᠎ᠠ ᠴᠡᠪᠡᠷ ᠠᠭᠠᠷ ᠲᠤ᠌ ᠪᠠᠨ ᠲᠠᠯᠠᠷᠬᠠᠯ᠎ᠠ 
ᠠᠯᠬᠤᠵᠤ ᠪᠠᠢᠭ᠎ᠠ ᠭᠠᠵᠠᠷ ᠰᠢᠷᠣᠢ ᠳ᠋ᠤ᠌ ᠪᠠᠨ ᠲᠠᠯᠠᠷᠬᠠᠯ᠎ᠠ 
ᠡᠪᠦᠭᠡ ᠳᠡᠭᠡᠳᠦᠰ ᠦ᠋ᠨ ᠢ᠋ᠶ᠋ᠡᠨ ᠭᠡᠭᠡᠨ ᠪᠢᠯᠢᠭ ᠲᠦ᠍ ᠲᠠᠯᠠᠷᠬᠠᠯ᠎ᠠ 
ᠪᠣᠭᠳᠠ ᠴᠢᠩᠭᠢᠰ ᠦ᠋ᠨ ᠢ᠋ᠶ᠋ᠡᠨ ᠤᠯᠠᠮᠵᠢᠯᠠᠯᠲᠤ  ᠰᠤᠷᠭᠠᠯ ᠳ᠋ᠤ᠌ ᠪᠠᠨ ᠲᠠᠯᠠᠷᠬᠠᠯ᠎ᠠ
ᠠᠭᠤᠤ ᠶᠡᠬᠡ ᠤᠭᠰᠠᠭ᠎ᠠ ᠦᠨᠳᠦᠰᠦᠲᠡᠨ ᠳ᠋ᠦ᠍ ᠪᠡᠨ ᠲᠠᠯᠠᠷᠬᠠᠯ᠎ᠠ 
ᠡᠬᠡ ᠬᠡᠯᠡ  ᠪᠣᠰᠤᠭ᠎ᠠ ᠮᠣᠩᠭᠣᠯ ᠦᠰᠦᠭ ᠪᠢᠴᠢᠭ ᠲᠦ᠍ ᠪᠡᠨ ᠲᠠᠯᠠᠷᠬᠠᠯ᠎ᠠ 
ᠠᠮᠢ ᠪᠡᠶ᠎ᠡ ᠶ᠋ᠢ ᠲᠥᠷᠥᠭᠦᠯᠦᠭᠰᠡᠨ ᠠᠪᠤ ᠡᠵᠢ ᠳ᠋ᠦ᠍ ᠪᠡᠨ ᠲᠠᠯᠠᠷᠬᠠᠯ᠎ᠠ 
ᠠᠬ᠎ᠠ ᠳᠡᠭᠦᠦ ᠲᠥᠷᠥᠯ ᠰᠠᠳᠤᠨ ᠤ᠋ ᠬᠠᠢᠷ᠎ᠠ ᠬᠠᠯᠠᠮᠵᠢ ᠳ᠋ᠤ᠌ ᠲᠠᠯᠠᠷᠬᠠᠯ᠎ᠠ 
ᠠᠨᠳᠠ ᠨᠥᠬᠥᠳ ᠦ᠋ᠨ ᠲᠤᠰᠠ ᠳᠠᠮ ᠳ᠋ᠤ᠌ ᠲᠠᠯᠠᠷᠬᠠᠯ᠎ᠠ 
ᠠᠵᠢᠯ ᠦᠢᠯᠡᠰ ᠦ᠋ᠨ ᠥᠭᠡᠳᠡ ᠡᠰᠡᠷᠡᠭ ᠲᠦ᠍ ᠲᠠᠯᠠᠷᠬᠠᠯ᠎ᠠ 
ᠠᠯᠢᠪᠠ ᠤᠴᠢᠷ ᠶᠠᠪᠤᠳᠠᠯ ᠤ᠋ᠨ ᠪᠦᠲᠦᠮᠵᠢᠲᠡᠢ ᠪᠠᠢᠭ᠎ᠠ ᠳ᠋ᠤ᠌ ᠲᠠᠯᠠᠷᠬᠠᠯ᠎ᠠ 
ᠡᠶ᠎ᠡ ᠨᠠᠢᠷᠠᠮᠳᠠᠯᠲᠠᠢ ᠭᠡᠷ ᠡᠷᠦᠬᠡ ᠳ᠋ᠦ᠍ ᠪᠡᠨ ᠲᠠᠯᠠᠷᠬᠠᠯ᠎ᠠ 
ᠠᠮᠢᠳᠤᠷᠠᠯ ᠤ᠋ᠨ ᠳᠤᠮᠳᠠ ᠲᠦᠰᠢᠭ ᠪᠣᠯᠤᠭᠰᠠᠨ ᠠᠮᠠᠷᠠᠭ ᠬᠠᠨᠢ ᠳ᠋ᠤ᠌ ᠪᠠᠨ ᠲᠠᠯᠠᠷᠬᠠᠯ᠎ᠠ 
ᠠᠵᠠ ᠵᠢᠷᠭᠠᠯ ᠢ᠋ ᠠᠪᠴᠢᠷᠠᠭᠰᠠᠨ ᠦᠷ᠎ᠡ ᠬᠣᠢᠴᠢᠰ ᠲᠤ᠌ ᠪᠠᠨ ᠲᠠᠯᠠᠷᠬᠠᠯ᠎ᠠ 
ᠡᠷᠡᠭᠦᠯ ᠰᠠᠷᠠᠭᠤᠯ ᠪᠡᠶ᠎ᠡ ᠮᠠᠬᠠᠪᠣᠳ ᠲᠤ᠌ ᠪᠠᠨ ᠲᠠᠯᠠᠷᠬᠠᠯ᠎ᠠ 
ᠠᠯᠢᠪᠠ ᠪᠠᠶᠠᠨ ᠡᠳ᠋ ᠪᠣᠳᠠᠰ ᠵᠣᠭᠣᠰ ᠮᠥᠩᠭᠥᠨ ᠳ᠋ᠦ᠍ ᠪᠡᠨ ᠲᠠᠯᠠᠷᠬᠠᠯ᠎ᠠ 
ᠲᠠᠯᠠᠷᠬᠠᠯ ᠪᠣᠯ ᠠᠭᠤᠤ ᠶᠡᠬᠡ ᠠᠷᠪᠢᠵᠢᠭᠤᠯᠤᠭᠴᠢ ᠮᠥᠨ 
ᠲᠠᠯᠠᠷᠬᠠᠯ ᠪᠣᠯ ᠰᠡᠳᠬᠢᠯ ᠦ᠋ᠨ ᠬᠦᠴᠦ ᠮᠥᠨ 
ᠲᠠᠯᠠᠷᠬᠠᠯ ᠪᠣᠯ ᠰᠠᠢᠬᠠᠨ ᠪᠠᠶᠠᠰᠤᠯ ᠮᠥᠨ 
ᠪᠢ ᠬᠠᠮᠤᠭ ᠠ᠋ᠴᠠ ᠠᠵᠠ ᠵᠢᠷᠭᠠᠯ ᠲᠠᠢ ᠬᠥᠮᠦᠨ 
ᠪᠢ ᠬᠠᠮᠤᠭ ᠠ᠋ᠴᠠ ᠪᠠᠶᠠᠨ ᠬᠥᠮᠦᠨ 
ᠪᠢ ᠬᠠᠮᠤᠭ ᠠ᠋ᠴᠠ ᠰᠡᠳᠬᠢᠯ ᠲᠡᠨᠢᠭᠦᠨ ᠬᠥᠮᠦᠨ 
ᠪᠢ ᠬᠣᠷᠸ᠎ᠠ ᠳ᠋ᠤ᠌ ᠰᠠᠢᠨ ᠰᠠᠢᠬᠠᠨ ᠪᠦᠬᠦᠨ ᠢ᠋ ᠡᠳ᠋ᠯᠡᠬᠦ ᠪᠤᠶᠠᠨ ᠵᠠᠶᠠᠭ᠎ᠠ ᠲᠠᠢ ᠬᠥᠮᠦᠨ 
ᠲᠠᠯᠠᠷᠬᠠᠯ᠎ᠠ
ᠲᠠᠯᠠᠷᠬᠠᠯ᠎ᠠ
ᠲᠠᠯᠠᠷᠬᠠᠯ᠎ᠠ

  ᠢᠷᠡᠯᠲᠡ᠄ ᠮᠢᠨᠦ ᠴᠢᠩ ᠰᠡᠳᠬᠢᠯ ᠦ᠋ᠨ ᠤᠬᠠᠭᠠᠷᠠᠯ
  ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
  ᠬᠢᠨᠠᠭᠴᠢ ᠄ ᠢᠷᠡᠭᠡᠳᠦᠢ