1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(1) Монгол хуурын үлгэрийн хэвшсэн хэллэг – Ренчиндорж᠂Хувьт найруулав - Өмнөх үг -1

ᠮᠣᠩᠭᠣᠯ ᠬᠤᠭᠤᠷ ᠤ᠋ᠨ ᠦᠯᠢᠭᠡᠷ  ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠮᠦᠨᠡᠬᠢ ᠦᠭᠡ(1) Монгол хуурын үлгэрийн хэвшсэн хэллэг – Ренчиндорж᠂Хувьт найруулав - Өмнөх үг -1

2025-03-13

207

ᠡᠮᠦᠨᠡᠬᠢ ᠦᠭᠡ - ᠨᠢᠭᠡ


               ᠨᠢᠭᠡ  

       ᠠᠷᠠᠳ ᠤ᠋ᠨ ᠠᠮᠠᠨ ᠵᠣᠬᠢᠶᠠᠯ ᠪᠣᠯ ᠠᠷᠠᠳ ᠲᠦᠮᠡᠨ ᠤᠷᠲᠤ ᠬᠤᠭᠤᠴᠠᠭᠠᠨ ᠤ᠋ ᠬᠥᠳᠡᠯᠮᠦᠷᠢ ᠲᠡᠮᠡᠴᠡᠯ ᠦ᠋ᠨ ᠶᠠᠪᠤᠴᠠ ᠳ᠋ᠠᠭᠠᠨ ᠵᠣᠬᠢᠶᠠᠨ ᠪᠦᠲᠦᠭᠡᠭᠰᠡᠨ ᠥᠪᠡᠷ ᠦ᠋ᠨ ᠬᠢᠨᠢ ᠵᠣᠬᠢᠶᠠᠯ ᠪᠦᠲᠦᠭᠡᠯ ᠮᠥᠨ᠃ ᠠᠷᠠᠳ ᠤ᠋ᠨ ᠠᠮᠠᠨ ᠵᠣᠬᠢᠶᠠᠯ ᠳ᠋ᠤ᠌᠂ ᠲᠤᠬᠠᠢ ᠶ᠋ᠢᠨ ᠦᠶ᠎ᠡ ᠶ᠋ᠢᠨ ᠠᠷᠠᠳ ᠲᠦᠮᠡᠨ ᠥᠪᠡᠷ ᠦ᠋ᠨ ᠭᠤᠸ᠎ᠠ ᠵᠦᠢ ᠶ᠋ᠢᠨ ᠦᠵᠡᠯᠲᠡ ᠡᠴᠡ ᠪᠡᠨ ᠡᠭᠦᠰᠴᠦ ᠲᠡᠳᠡᠨᠡᠷ ᠦ᠋ᠨ ᠦᠵᠡᠯ ᠰᠠᠨᠠᠭ᠎ᠠ᠂ ᠬᠦᠰᠡᠯ ᠱᠠᠭᠠᠷᠳᠠᠯᠭ᠎ᠠ᠂ ᠡᠷᠬᠢᠮᠯᠡᠯ ᠬᠥᠭᠡᠭᠡᠴᠡᠯᠳᠦᠯ᠂ ᠰᠠᠨᠠᠭ᠎ᠠ ᠰᠡᠳᠬᠢᠯᠭᠡ ᠪᠦᠬᠦᠨ ᠢ᠋ᠶ᠋ᠡᠨ ᠰᠢᠭᠤᠨ ᠪᠤᠶᠤ ᠳᠠᠮ ᠢ᠋ᠶ᠋ᠠᠷ ᠢᠯᠡᠷᠡᠭᠦᠯᠵᠦ᠂ ᠤᠷᠠᠯᠢᠭ ᠤ᠋ᠨ ᠢᠷᠠᠭᠤ ᠰᠠᠢᠬᠠᠨ ᠬᠡᠯᠪᠡᠷᠢ ᠶ᠋ᠢ ᠲᠣᠭᠲᠠᠪᠤᠷᠢᠵᠢᠭᠤᠯᠵᠤ᠂ ᠴᠢᠨᠠᠭᠰᠢᠯᠠᠭᠠᠳ ᠨᠡᠢᠭᠡᠮ ᠠᠬᠤᠢ ᠶ᠋ᠢ ᠲᠠᠨᠢᠵᠤ᠂ ᠬᠥᠮᠦᠵᠢᠯ ᠰᠤᠷᠭᠠᠯ ᠣᠯᠵᠤ᠂ ᠭᠤᠸ᠎ᠠ ᠰᠠᠢᠬᠠᠨ ᠤ᠋ ᠬᠦᠷᠲᠡᠭᠡᠯ ᠢ᠋ ᠬᠦᠷᠲᠡᠳᠡᠭ ᠪᠠᠢᠨ᠎ᠠ᠃ ᠮᠣᠩᠭᠣᠯᠴᠤᠳ ᠳᠡᠯᠡᠬᠡᠢ ᠶ᠋ᠢᠨ ᠣᠯᠠᠨ ᠦᠨᠳᠦᠰᠦᠲᠡᠨ ᠲᠡᠢ ᠠᠳᠠᠯᠢ ᠪᠠᠷ ᠤᠷᠲᠤ ᠬᠤᠭᠤᠴᠠᠭᠠᠨ ᠤ᠋ ᠲᠡᠦᠬᠡᠲᠦ ᠶᠠᠪᠤᠴᠠ ᠳ᠋ᠠᠭᠠᠨ ᠣᠪᠣᠭ᠎ᠠ ᠣᠯᠠᠨ ᠢᠷᠠᠭᠤ ᠭᠣᠢᠳᠠ ᠠᠷᠠᠳ ᠤ᠋ᠨ ᠠᠮᠠᠨ ᠵᠣᠬᠢᠶᠠᠯ ᠢ᠋ ᠵᠣᠬᠢᠶᠠᠨ ᠪᠦᠲᠦᠭᠡᠭᠰᠡᠨ ᠶᠦᠮ᠃ ᠡᠨᠡᠬᠦ ᠮᠢᠩᠭᠠᠨ ᠴᠡᠴᠡᠭ ᠮᠢᠷᠠᠯᠵᠠᠨ ᠳᠤᠯᠠᠯᠵᠠᠭᠰᠠᠨ ᠠᠷᠠᠳ ᠤ᠋ᠨ ᠠᠮᠠᠨ ᠵᠣᠬᠢᠶᠠᠯ ᠤ᠋ᠨ ᠤᠷᠠᠯᠢᠭ ᠤ᠋ᠨ ᠬᠦᠷᠢᠶᠡᠯᠡᠩ ᠳ᠋ᠦ᠍ ᠮᠣᠩᠭᠣᠯ ᠬᠤᠭᠤᠷ ᠤ᠋ᠨ ᠦᠯᠢᠭᠡᠷ ᠪᠣᠯ ᠥᠪᠡᠷ ᠦ᠋ᠨ ᠣᠨᠴᠠᠯᠢᠭ ᠪᠦᠬᠦᠢ ᠨᠢᠭᠡ ᠬᠦᠰ ᠰᠣᠷᠭᠣᠭ ᠴᠡᠴᠡᠭ ᠪᠣᠯᠬᠤ ᠨᠢ ᠭᠠᠷᠴᠠᠭ᠎ᠠ ᠦᠭᠡᠢ ᠶᠦᠮ᠃ 
       ᠬᠤᠭᠤᠷ ᠤ᠋ᠨ ᠦᠯᠢᠭᠡᠷ ᠨᠢ ᠤᠷᠲᠤ ᠬᠤᠭᠤᠴᠠᠭᠠᠨ ᠤ᠋ ᠬᠥᠭᠵᠢᠯ ᠤᠨᠶᠠᠪᠤᠴᠠ ᠳ᠋ᠠᠭᠠᠨ ᠦᠨᠳᠦᠰᠦᠲᠡᠨ ᠲᠦᠮᠡᠨ ᠦ᠌ ᠪᠡᠨ ᠢᠷᠠᠭᠤ ᠰᠠᠢᠬᠠᠨ ᠤᠷᠠᠯᠢᠭ ᠤ᠋ᠨ ᠤᠯᠠᠮᠵᠢᠯᠠᠯ ᠢ᠋ ᠵᠠᠯᠠᠭᠠᠮᠵᠢᠯᠠᠨ ᠬᠥᠭᠵᠢᠭᠦᠯᠵᠦ᠂ ᠠᠬ᠎ᠠ ᠳᠡᠭᠦᠦ ᠦᠨᠳᠦᠰᠦᠲᠡᠨ ᠦ᠌ ᠵᠠᠷᠢᠮ ᠤᠷᠠᠯᠢᠭ ᠤ᠋ᠨ ᠰᠢᠯᠢᠳᠡᠭ ᠰᠢᠮ᠎ᠡ ᠶ᠋ᠢ ᠪᠣᠯᠪᠠᠰᠤᠷᠠᠭᠤᠯᠤᠨ ᠰᠢᠩᠭᠡᠭᠡᠵᠦ᠂ ᠠᠪᠢᠶᠠᠰ ᠴᠢᠳᠠᠪᠤᠷᠢ ᠪᠦᠬᠦᠢ ᠬᠤᠭᠤᠷᠴᠢ ᠨᠠᠷ ᠤ᠋ᠨ ᠣᠢ ᠪᠢᠯᠢᠭ ᠢ᠋ ᠬᠤᠷᠠᠮᠳᠤᠭᠤᠯᠤᠨ ᠨᠡᠢᠯᠡᠭᠦᠯᠦᠭᠡᠳ᠂ ᠥᠪᠡᠷᠦᠨ ᠲᠤᠰᠬᠠᠢ ᠬᠡᠯᠪᠡᠷᠢ᠂ ᠲᠤᠰᠬᠠᠢ ᠣᠨᠴᠠᠯᠢᠭ ᠢ᠋ᠶ᠋ᠠᠨ ᠪᠦᠷᠢᠯᠳᠦᠭᠦᠯᠦᠨ ᠲᠣᠭᠲᠠᠭᠠᠭᠰᠠᠨ ᠪᠠᠢᠳᠠᠭ᠃ ᠡᠳᠡᠭᠡᠷ ᠡᠴᠡ ᠪᠢᠳᠡ ᠬᠤᠭᠤᠷ ᠤ᠋ᠨ ᠦᠯᠢᠭᠡᠷ ᠦ᠋ᠨ ᠤᠷᠠᠯᠢᠭ ᠤ᠋ᠨ ᠪᠣᠯᠪᠠᠰᠤᠷᠠᠯᠲᠠ ᠶ᠋ᠢ ᠣᠢᠯᠠᠭᠠᠬᠤ ᠶ᠋ᠢᠨ ᠬᠠᠮᠲᠤ ᠪᠠᠰᠠ ᠲᠡᠭᠦᠨ ᠦ᠌ ᠤᠷᠠᠯᠢᠭ ᠤ᠋ᠨ ᠨᠥᠯᠥᠭᠡᠯᠡᠬᠦ ᠬᠦᠴᠦᠨ ᠴᠢᠳᠠᠯ ᠢ᠋ ᠮᠡᠳᠡᠵᠦ ᠪᠣᠯᠬᠤ ᠶᠤᠮ ᠃ ᠡᠨᠡ ᠨᠢ ᠮᠠᠨ ᠤ᠋ ᠤᠯᠠᠮᠵᠢᠯᠠᠯ ᠢ᠋ᠶ᠋ᠠᠨ ᠵᠠᠯᠭᠠᠮᠵᠢᠯᠠᠨ ᠬᠥᠭᠵᠢᠭᠦᠯᠵᠦ ᠰᠢᠨ᠎ᠡ ᠵᠦᠢᠯ ᠢ᠋ ᠡᠭᠦᠳᠦᠨ ᠪᠦᠲᠦᠭᠡᠵᠦ ᠰᠢᠨ᠎ᠡ ᠦᠶ᠎ᠡ ᠶ᠋ᠢᠨ ᠤᠳᠬ᠎ᠠ ᠤᠷᠠᠯᠢᠭ ᠢ᠋ ᠴᠡᠴᠡᠭᠯᠡᠭᠦᠯᠦᠨ ᠬᠥᠭᠵᠢᠭᠦᠯᠬᠦ ᠳ᠋ᠦ᠍ ᠲᠤᠩ ᠶᠡᠬᠡ ᠠᠴᠢ ᠬᠣᠯᠪᠣᠭᠳᠠᠯ ᠲᠠᠢ ᠶᠤᠮ᠃ ᠢᠯᠠᠩᠭᠤᠶ᠎ᠠ ᠬᠤᠭᠤᠷ ᠤ᠋ᠨ ᠦᠯᠢᠭᠡᠷ ᠤᠨᠤᠷᠠᠯᠢᠭ ᠤ᠋ᠨ ᠢᠯᠡᠳᠬᠡᠬᠦ ᠴᠢᠳᠠᠪᠤᠷᠢ ᠂ ᠤᠷᠠᠨ ᠳᠦᠷᠰᠦᠯᠢᠭ ᠬᠡᠯᠡᠯᠭᠡ ᠨᠢ ᠮᠠᠨ ᠳ᠋ᠤ᠌ ᠰᠤᠷᠤᠯᠴᠠᠭᠠᠳ ᠪᠠᠷᠠᠰᠢ ᠦᠭᠡᠢ ᠡᠬᠢ ᠪᠠᠶᠠᠯᠢᠭ ᠪᠣᠯᠳᠠᠭ᠃ 
       ᠶᠠᠭ ᠡᠢᠮᠦ ᠵᠣᠷᠢᠯᠭ᠎ᠠ ᠠ᠋ᠴᠠ ᠡᠭᠦᠰᠴᠦ ᠪᠢᠳᠡ ᠭᠣᠭᠣᠷ ᠤ᠋ᠨ ᠦᠯᠢᠭᠡᠷ ᠢ᠋ ᠰᠣᠨᠣᠰᠤᠨ ᠰᠣᠨᠢᠷᠬᠠᠬᠤ ᠶ᠋ᠢᠨ ᠶᠠᠪᠤᠴᠠ ᠳ᠋ᠠᠭᠠᠨ ᠬᠡᠰᠡᠭ ᠬᠤᠭᠤᠷᠴᠢ ᠨᠠᠷ ᠤ᠋ᠨ ᠤᠷᠠᠨ ᠳᠦᠷᠰᠦᠯᠢᠭ ᠬᠡᠯᠡᠯᠭᠡ ᠨᠥᠬᠥᠳ ᠢ᠋ ᠴᠤᠭᠯᠠᠭᠤᠯᠤᠨ ᠡᠮᠬᠢᠳᠬᠡᠵᠦ᠂ ᠬᠡᠪᠯᠡᠭᠦᠯᠦᠨ ᠨᠡᠢᠲᠡᠯᠡᠵᠦ᠂ ᠠᠳᠠᠯᠢ ᠰᠠᠨᠠᠭᠠᠲᠠᠨ ᠯᠤᠭ᠎ᠠ ᠬᠠᠮᠲᠤᠪᠠᠷ ᠰᠣᠨᠢᠷᠬᠠᠵᠤ᠂ ᠤᠷᠠᠯᠢᠭ ᠤ᠋ᠨ ᠰᠢᠮ᠎ᠡ ᠬᠦᠷᠲᠡᠭᠡᠯ ᠢ ᠣᠯᠰᠤᠭᠠᠢ ᠭᠡᠵᠦ ᠬᠦᠰᠡᠭᠰᠡᠨ ᠪᠠᠢᠨ᠎ᠠ᠃