ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤБух хар нохой хийгээд бух хар шувуу ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤБух хар нохой хийгээд бух хар шувуу

ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤБух хар нохой хийгээд бух хар шувуу

ᠠᠩᠭᠢᠯᠠᠯ:ᠳᠣᠮᠣᠭ ᠦᠯᠢᠭᠡᠷ
2025-03-13

992

ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ

    ᠡᠷᠲᠡ ᠤᠷᠢᠳᠤ ᠴᠠᠭ ᠲᠤ᠌ ᠨᠢᠭᠡ ᠰᠦᠷᠡᠬᠡᠢ ᠵᠠᠯᠠᠭᠤ ᠬᠠᠲᠤᠨ ᠲᠠᠢ ᠥᠳᠥᠯᠡᠭᠰᠡᠨ ᠬᠠᠭᠠᠨ ᠪᠠᠢᠵᠤ ᠭᠡᠨ᠎ᠡ᠃
ᠡᠨᠡ ᠬᠠᠲᠤᠨ ᠨᠢ ᠬᠠᠭᠠᠨ ᠤ᠋ ᠪᠠᠨ ᠠᠳᠤᠭᠤᠨ ᠤ᠋ ᠬᠥᠮᠦᠨ ᠳ᠋ᠦ᠍ ᠳᠤᠷᠠᠯᠠᠵᠤ ᠡᠯᠳᠡᠪ ᠠᠷᠭ᠎ᠠ ᠪᠠᠷ ᠠᠷᠭᠠᠳᠠᠨ ᠠᠯᠢ ᠪᠦᠬᠦ ᠰᠠᠢᠨ ᠢ᠋ ᠬᠡᠯᠡᠵᠦ᠂ ᠡᠳ᠋ ᠮᠥᠩᠭᠥ ᠪᠡᠷ ᠥᠳᠥᠭᠡᠵᠦ᠂ ᠥᠪᠡᠷ ᠦ᠋ᠨ ᠵᠦᠭ ᠢ᠋ᠶ᠋ᠡᠨ ᠲᠠᠲᠠᠬᠤ ᠪᠠᠷ ᠣᠷᠣᠯᠳᠣᠭᠰᠠᠨ ᠳ᠋ᠤ᠌ ᠠᠳᠤᠭᠤᠴᠢᠨ ᠵᠠᠯᠠᠭᠤ ᠶᠡᠷᠦ ᠣᠢᠰᠢᠶᠠᠬᠤ ᠦᠭᠡᠢ ᠪᠠᠢᠵᠠᠢ᠃
ᠢᠩᠭᠢᠬᠦ ᠳ᠋ᠦ᠍ ᠡᠨᠡ ᠬᠠᠷᠭᠢᠰ ᠬᠠᠲᠤᠨ ᠳᠣᠲᠣᠷ᠎ᠠ ᠪᠠᠨ ᠶᠡᠬᠡᠯ᠎ᠡ ᠬᠣᠷᠣᠰᠴᠤ ᠬᠠᠭᠠᠨ ᠳ᠋ᠠᠭᠠᠨ ᠬᠡᠯᠡᠭᠰᠡᠨ ᠨᠢ᠄《ᠰᠣᠨᠣᠰᠪᠠᠯ ᠲᠡᠷᠡ ᠪᠠᠷᠠᠭᠤᠨ ᠬᠣᠢᠨ᠎ᠠ᠂ ᠲᠦᠮᠡᠨ ᠡᠷ᠎ᠡ ᠳᠡᠢᠯᠳᠡᠭ ᠦᠭᠡᠢ ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ ᠭᠡᠵᠦ ᠪᠠᠢᠳᠠᠭ ᠭᠡᠨ᠎ᠡ᠃ ᠬᠡᠷᠪᠡ ᠡᠨᠡ ᠬᠣᠶᠠᠷ ᠠᠮᠢᠲᠠᠨ ᠢ᠋ ᠪᠠᠷᠢᠨ ᠠᠪᠴᠢᠷᠠᠵᠤ᠂ ᠪᠤᠬ᠎ᠠ ᠬᠠᠷ᠎ᠠ ᠨᠣᠬᠠᠢ ᠪᠠᠷ ᠨᠢ ᠬᠣᠲᠠ ᠬᠠᠰᠢᠶ᠎ᠠ ᠰᠠᠬᠢᠭᠤᠯᠵᠤ ᠪᠤᠬ᠎ᠠ ᠬᠠᠷ᠎ᠠ ᠰᠢᠪᠠᠭᠤ ᠪᠠᠷ ᠨᠢ ᠠᠳᠤᠭᠤ ᠮᠠᠯ ᠢ᠋ᠶ᠋ᠠᠨ ᠬᠠᠷᠢᠭᠤᠯᠤᠭᠤᠯᠪᠠᠯ᠂ ᠬᠣᠲᠠ ᠬᠠᠰᠢᠶᠠᠨ ᠳ᠋ᠤ᠌ ᠮᠢᠨᠢ ᠬᠠᠯᠳᠠᠬᠤ ᠳᠠᠢᠰᠤᠨ ᠦᠭᠡᠢ ᠪᠣᠯᠵᠤ ᠬᠣᠩᠬᠣᠷ ᠭᠣᠣ ᠳᠦᠭᠦᠷᠲᠡᠯ᠎ᠡ ᠠᠳᠤᠭᠤ ᠮᠠᠯ ᠦᠷᠡᠵᠢᠨ᠎ᠡ᠃》 ᠭᠡᠰᠡᠨ ᠳ᠋ᠦ᠍᠂ ᠬᠠᠭᠠᠨ ᠢ᠋ ᠶᠡᠬᠡ ᠪᠠᠶᠠᠷᠯᠠᠵᠤ ᠡᠨᠡ ᠬᠠᠷᠢᠨ ᠰᠠᠢᠨ ᠬᠡᠷᠡᠭ ᠪᠠᠢᠨ᠎ᠠ᠃ ᠭᠡᠪᠡᠴᠦ ᠬᠡᠨ ᠶᠠᠪᠤᠵᠤ᠂ ᠡᠨᠡ ᠬᠣᠶᠠᠷ ᠠᠮᠢᠲᠠᠨ ᠢ᠋ ᠠᠪᠴᠢᠷᠠᠵᠤ ᠴᠢᠳᠠᠬᠤ ᠪᠣᠢ᠃ ᠮᠢᠨᠦ ᠰᠣᠨᠣᠰᠤᠭᠰᠠᠨ ᠢ᠋ᠶ᠋ᠠᠷ ᠪᠣᠯ᠂ ᠡᠨᠡ ᠬᠣᠶᠠᠷ ᠠᠮᠢᠲᠠᠨ ᠰᠦᠷᠡᠬᠡᠢ ᠳᠣᠭᠰᠢᠨ᠂ ᠤᠷᠢᠳᠤ ᠣᠴᠢᠭᠰᠠᠨ ᠬᠥᠮᠦᠨ ᠪᠦᠬᠦᠨ ᠴᠥᠮ ᠢᠳᠡᠭᠳᠡᠵᠦ᠂ ᠠᠮᠢᠳᠤ ᠪᠤᠴᠠᠵᠤ ᠢᠷᠡᠭᠰᠡᠨ ᠬᠥᠮᠦᠨ ᠨᠢᠭᠡᠴᠦ ᠭᠠᠷᠤᠭᠰᠠᠨ ᠦᠭᠡᠢ ᠭᠡᠳᠡᠭ ᠭᠡᠵᠦ ᠵᠣᠪᠠᠬᠤ ᠳ᠋ᠤ᠌᠃ ᠬᠠᠲᠤᠨ ᠨᠢ ᠳᠣᠲᠣᠷ᠎ᠠ ᠪᠠᠨ ᠪᠣᠳᠣᠭᠰᠠᠨ ᠨᠢ᠄ ᠣᠳᠣ ᠡᠨᠡ ᠠᠩᠴᠢᠨ ᠬᠦᠦ ᠶ᠋ᠢ ᠶᠠᠪᠤᠭᠤᠯᠵᠤ ᠪᠠᠷᠢᠵᠤ ᠢᠷ᠎ᠡ ᠭᠡᠪᠡᠯ᠂ ᠲᠡᠷᠡ ᠮᠠᠭᠤ ᠠᠮᠢᠲᠠᠨ ᠣᠴᠢᠵᠤ ᠠᠮᠢ ᠪᠠᠨ ᠥᠭᠬᠦ ᠦᠭᠡᠢ ᠬᠠᠮᠢᠭ᠎ᠠ ᠶᠠᠪᠤᠨ᠎ᠠ ᠭᠡᠳ᠂ᠬᠠᠭᠠᠨ ᠳ᠋ᠠᠭᠠᠨ ᠬᠡᠯᠡᠭᠰᠡᠨ ᠨᠢ᠄《ᠪᠢ ᠦᠵᠡᠪᠡᠯ ᠮᠠᠨ ᠤ᠋ ᠲᠡᠷᠡ ᠠᠳᠤᠭᠤᠨ ᠤ᠋ ᠵᠠᠯᠠᠭᠤ ᠢᠳᠡᠷᠬᠡᠭ ᠪᠠᠭᠠᠲᠤᠷ ᠮᠠᠶᠢᠭ ᠲᠠᠢ᠂ ᠲᠡᠭᠦᠨ ᠢ᠋ ᠶᠠᠪᠤᠭᠤᠯᠪᠠᠯ ᠣᠯᠵᠤ ᠢᠷᠡᠵᠦ ᠴᠢᠳᠠᠬᠤ ᠮᠠᠭᠠᠳ ᠦᠭᠡᠢ》 ᠭᠡᠰᠡᠨ ᠳ᠋ᠦ᠍ ᠬᠠᠭᠠᠨ ᠨᠢ ᠳᠠᠷᠤᠢ ᠵᠠᠷᠯᠢᠭ ᠪᠠᠭᠤᠯᠭᠠᠵᠤ ᠠᠳᠤᠭᠤᠨ ᠤ᠋ ᠵᠠᠯᠠᠭᠤ ᠶ᠋ᠢ ᠳᠠᠭᠤᠳᠠᠨ ᠠᠪᠴᠢᠷᠠᠭᠠᠳ ᠲᠤᠰᠢᠶᠠᠭᠰᠠᠨ ᠨᠢ᠄《ᠴᠢ ᠪᠠᠷᠠᠭᠤᠨ ᠬᠣᠢᠰᠢ ᠶᠠᠪᠤᠵᠤ᠂ ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ ᠶ᠋ᠢ ᠪᠠᠷᠢᠵᠤ ᠢᠷ᠎ᠡ! ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ》 ᠭᠡᠰᠡᠨ ᠳ᠋ᠦ᠍᠂ ᠬᠠᠲᠤᠨ᠂ ᠠᠳᠤᠭᠤᠴᠢᠨ ᠬᠦᠦ ᠶ᠋ᠢ ᠬᠠᠷᠠᠵᠤ ᠦᠵᠡᠭᠡᠳ᠄《ᠴᠢ ᠶᠠᠮᠠᠷ ᠠᠶᠤᠮᠰᠢᠭ ᠦᠭᠡᠢ᠂ ᠮᠢᠨᠦ ᠰᠠᠨᠠᠭᠠᠨ ᠠ᠋ᠴᠠ ᠵᠥᠷᠢᠳᠡᠭ ᠪᠣᠢ᠃ ᠣᠳᠣ ᠬᠠᠲᠤᠨ ᠡᠬᠡ ᠶ᠋ᠢᠨ ᠢ᠋ᠶ᠋ᠡᠨ ᠰᠦᠷᠡᠬᠡᠢ ᠶ᠋ᠢ ᠮᠡᠳᠡᠵᠦ ᠪᠣᠯᠤᠨ᠎ᠠ》 ᠭᠡᠵᠦ ᠪᠣᠳᠣᠭᠰᠠᠨ ᠭᠡᠨ᠎ᠡ᠃
ᠴᠢᠩᠭᠢᠭᠡᠳ ᠠᠳᠤᠭᠤᠴᠢᠨ ᠬᠦᠦ ᠠᠷᠭ᠎ᠠ ᠦᠭᠡᠢ᠂ ᠡᠨᠡ ᠬᠠᠲᠤᠨ ᠤ᠋ ᠬᠣᠣᠷᠲᠤ ᠰᠠᠨᠠᠭ᠎ᠠ ᠪᠠᠢᠨ᠎ᠠ ᠭᠡᠵᠦ ᠪᠣᠳᠣᠭᠠᠳ᠂ ᠮᠣᠷᠢᠨ ᠳ᠋ᠠᠭᠠᠨ ᠮᠣᠷᠳᠠᠵᠤ᠂ ᠥᠨᠳᠥᠷ ᠤᠷᠭ᠎ᠠ ᠪᠠᠨ ᠠᠳᠬᠤᠵᠤ ᠶᠠᠪᠤᠭᠰᠠᠭᠠᠷ ᠨᠢᠭᠡᠨ ᠬᠤᠸᠠ ᠲᠣᠯᠣᠭᠠᠢ ᠶ᠋ᠢᠨ ᠡᠩᠭᠡᠷ ᠲᠦ᠍ ᠢᠷᠡᠭᠡᠳ᠂ ᠮᠣᠷᠢᠨ ᠠ᠋ᠴᠠ ᠪᠠᠨ ᠪᠠᠭᠤᠵᠤ ᠲᠣᠯᠣᠭᠠᠢ ᠪᠠᠷ ᠢ᠋ᠶ᠋ᠠᠨ ᠪᠠᠷᠠᠭᠤᠨ ᠬᠠᠳᠠ ᠶ᠋ᠢ ᠳᠡᠷᠡᠯᠡᠵᠦ ᠬᠥᠯ ᠢ᠋ᠶ᠋ᠡᠨ ᠵᠡᠭᠦᠨ ᠬᠠᠳᠠᠨ ᠤ᠋ ᠳᠡᠭᠡᠷ᠎ᠡ ᠲᠠᠯᠪᠢᠭᠠᠳ᠂ ᠠᠷᠠᠢ ᠪᠠᠬᠠᠨ ᠤᠨᠲᠠᠶ᠎ᠠ ᠭᠡᠵᠦ ᠪᠠᠢᠭᠰᠠᠨ ᠳ᠋ᠤ᠌᠂ ᠴᠢᠬᠢᠨ ᠳ᠋ᠦ᠍ᠨᠢ ᠶᠠᠭᠤ ᠬᠥᠮᠦᠨ ᠤᠬᠢᠯᠠᠵᠤ ᠪᠠᠢᠬᠤ ᠰᠢᠭ᠋ ᠢᠨᠢᠶᠡᠵᠦ ᠪᠠᠢᠬᠤ ᠰᠢᠭ᠋ ᠳᠠᠭᠤᠯᠠᠵᠤ ᠪᠠᠢᠬᠤ ᠰᠢᠭ᠋ ᠰᠣᠨᠣᠰᠳᠠᠵᠠᠢ᠃ ᠴᠢᠩᠭᠢᠭᠡᠳ ᠪᠣᠰᠴᠤ ᠦᠵᠡᠭᠰᠡᠨ ᠳ᠋ᠦ᠍ ᠶᠠᠭᠤ ᠴᠤ᠌ ᠬᠠᠷᠠᠭᠳᠠᠬᠤ ᠦᠭᠡᠢ ᠳ᠋ᠦ᠍᠄《ᠡᠨᠡ ᠦᠵᠡᠭᠡ ᠦᠭᠡᠢ ᠬᠠᠷ᠎ᠠ ᠬᠡᠭᠡᠷ᠎ᠡ ᠭᠠᠵᠠᠷ ᠬᠡᠨ ᠢᠷᠡᠵᠦ ᠤᠬᠢᠯᠠᠵᠤ ᠳᠠᠭᠤᠯᠠᠬᠤ ᠪᠣᠢ》 ᠭᠡᠵᠦ ᠪᠣᠳᠣᠭᠠᠳ ᠳᠠᠬᠢᠨ ᠬᠡᠪᠲᠡᠭᠡᠳ ᠤᠨᠲᠠᠶ᠎ᠠ ᠭᠡᠲᠡᠯ᠎ᠡ᠂ ᠦᠨᠡᠬᠡᠷ ᠪᠠᠰᠠ ᠬᠥᠮᠦᠨ ᠤᠬᠢᠯᠠᠵᠤ ᠳᠠᠭᠤᠯᠠᠵᠤ᠂ᠢᠨᠢᠶᠡᠵᠦ ᠪᠠᠢᠬᠤ ᠲᠤᠯᠠ ᠠᠳᠤᠭᠤᠴᠢᠨ ᠬᠦᠦ ᠪᠣᠰᠤᠭᠠᠳ ᠮᠣᠷᠢ ᠪᠠᠨ ᠤᠨᠤᠵᠤ ᠬᠤᠸᠠ ᠲᠣᠯᠣᠭᠠᠢ ᠶ᠋ᠢ ᠳᠠᠪᠠᠵᠤ ᠭᠠᠷᠤᠭᠠᠳ ᠦᠵᠡᠭᠰᠡᠨ ᠳ᠋ᠦ᠍᠂ ᠨᠢᠭᠡᠨ ᠬᠠᠰ ᠴᠠᠭᠠᠨ ᠭᠡᠷ ᠲᠦ᠍᠂ ᠨᠢᠭᠡ ᠥᠬᠢᠨ ᠨᠢ ᠤᠬᠢᠯᠠᠵᠤ᠂ ᠪᠠᠰᠠ ᠨᠢᠭᠡ ᠥᠬᠢᠨ ᠨᠢ ᠳᠠᠭᠤᠯᠠᠵᠤ᠂ ᠭᠤᠷᠪᠠᠳᠤᠭᠠᠷ ᠥᠬᠢᠨ ᠨᠢ ᠢᠨᠢᠶᠡᠵᠦ ᠪᠠᠢᠨ᠎ᠠ ᠭᠡᠨ᠎ᠡ᠃
ᠴᠢᠩᠭᠢᠭᠡᠳ ᠠᠳᠤᠭᠤᠨ ᠤ᠋ ᠬᠥᠮᠦᠨ ᠣᠴᠢᠵᠤ ᠠᠰᠠᠭᠤᠭᠰᠠᠨ ᠳ᠋ᠤ᠌᠂ ᠡᠨᠡ ᠭᠤᠷᠪᠠᠨ ᠥᠬᠢᠨ ᠦ᠌ ᠬᠡᠯᠡᠭᠰᠡᠨ ᠨᠢ᠄《ᠪᠢᠳᠡ ᠭᠤᠷᠪᠠᠭᠤᠯᠠ ᠬᠠᠨ ᠭᠠᠷᠤᠳᠢ ᠶ᠋ᠢᠨ ᠠᠷᠪᠠᠨ ᠭᠤᠷᠪᠠᠨ ᠥᠬᠢᠨ ᠦ᠌ ᠬᠠᠮᠤᠭ ᠤ᠋ᠨ ᠪᠠᠭ᠎ᠠ ᠭᠤᠷᠪᠠ ᠨᠢ ᠪᠢᠯᠡ᠃ ᠪᠢᠳᠡᠨ ᠦ᠌ ᠠᠷᠪᠠᠨ ᠡᠭᠡᠴᠢ ᠶ᠋ᠢ ᠠᠪᠤᠷᠭᠤ ᠮᠣᠭᠠᠢ ᠡᠳᠦᠷ ᠦ᠋ᠨ ᠨᠢᠭᠡ ᠵᠠᠯᠭᠢᠭᠰᠠᠭᠠᠷ ᠪᠠᠢᠭᠠᠳ ᠠᠷᠪᠠᠭᠤᠯᠠ ᠶ᠋ᠢ ᠴᠥᠮ ᠵᠠᠯᠭᠢᠪᠠ᠃ ᠣᠳᠣ ᠥᠨᠥᠳᠥᠷ ᠪᠠᠰᠠ ᠢᠷᠡᠨ᠎ᠡ᠃ ᠲᠡᠢᠮᠦ ᠪᠣᠯᠬᠣᠷ᠂ ᠪᠢᠳᠡᠨ ᠦ᠌ ᠥᠨᠥᠳᠥᠷ ᠵᠠᠯᠭᠢᠭᠳᠠᠬᠤ ᠨᠢ ᠤᠬᠢᠯᠠᠵᠤ᠂ ᠮᠠᠷᠭᠠᠲᠠ ᠵᠠᠯᠭᠢᠭᠳᠠᠬᠤ ᠨᠢ ᠳᠠᠭᠤᠯᠠᠵᠤ᠂ ᠨᠥᠭᠥᠭᠡᠳᠦᠷ ᠵᠠᠯᠭᠢᠭᠳᠠᠬᠤ ᠨᠢ ᠢᠨᠢᠶᠡᠵᠦ ᠪᠠᠢᠨ᠎ᠠ》 ᠭᠡᠰᠡᠨ ᠳ᠋ᠦ᠍ ᠠᠳᠤᠭᠤᠴᠢᠨ ᠵᠠᠯᠠᠭᠤ ᠠᠰᠠᠭᠤᠭᠰᠠᠨ ᠨᠢ᠄《ᠲᠠᠨ ᠤ᠋ ᠡᠵᠢ ᠴᠢᠨᠢ ᠶᠠᠭᠤᠨ ᠳ᠋ᠤ᠌ ᠲᠠᠨ ᠢ᠋ ᠬᠠᠮᠠᠭᠠᠯᠠᠬᠤ ᠦᠭᠡᠢ ᠪᠣᠢ?》 ᠭᠡᠰᠡᠨ ᠳ᠋ᠦ᠍᠂ ᠥᠬᠢᠳ᠄《ᠡᠵᠢ ᠮᠢᠨᠢ ᠬᠡᠳᠦ ᠤᠳᠠᠭ᠎ᠠ ᠠᠪᠤᠷᠭᠤ ᠮᠣᠭᠠᠢ ᠲᠠᠢ ᠲᠤᠯᠤᠯᠳᠤᠵᠤ ᠳᠡᠢᠯᠦᠭᠰᠡᠨ ᠦᠭᠡᠢ》 ᠭᠡᠵᠦ ᠬᠡᠯᠡᠵᠡᠢ᠃
ᠢᠩᠭᠢᠵᠦ ᠪᠠᠢᠲᠠᠯ᠎ᠠ ᠭᠡᠨᠡᠳᠲᠡ ᠬᠠᠷ᠎ᠠ ᠰᠠᠯᠬᠢ ᠰᠡᠷᠴᠢᠭᠢᠨᠡᠨ ᠪᠣᠰᠤᠭᠰᠠᠨ ᠢ᠋ ᠦᠵᠡᠭᠡᠳ᠂ ᠭᠤᠷᠪᠠᠭᠤᠯᠠ ᠪᠠᠨ ᠴᠢᠷᠠᠢ ᠵᠢᠰᠦ ᠨᠢ ᠬᠤᠪᠢᠷᠠᠵᠤ᠂ ᠥᠭᠡᠳᠡ ᠤᠷᠤᠭᠤ ᠪᠠᠨ ᠭᠦᠶᠦᠵᠦ᠂ ᠠᠳᠤᠭᠤᠴᠢᠨ ᠵᠠᠯᠠᠭᠤ ᠶ᠋ᠢ ᠴᠢ ᠲᠦᠷᠭᠡᠨ ᠶᠠᠪᠤ᠂ ᠣᠳᠣ ᠠᠪᠤᠷᠭᠤ ᠮᠣᠭᠠᠢ ᠢᠷᠡᠵᠦ ᠪᠠᠢᠨ᠎ᠠ᠃ ᠬᠡᠷᠪᠡ ᠴᠢ ᠳᠤᠲᠠᠭᠠᠬᠤ ᠦᠭᠡᠢ ᠪᠣᠯ ᠴᠢᠮᠠᠶ᠋ᠢ ᠴᠦ᠍ ᠪᠠᠰᠠ ᠪᠠᠷᠢᠵᠤ ᠵᠠᠯᠭᠢᠨ᠎ᠠ ᠭᠡᠵᠦ᠂ ᠠᠳᠤᠭᠤᠴᠢᠨ ᠬᠦᠦ ᠶ᠋ᠢ ᠱᠠᠭᠠᠷᠳᠠᠭᠰᠠᠭᠠᠷ ᠭᠠᠷᠭᠠᠭᠰᠠᠨ ᠳ᠋ᠤ᠌᠂ ᠠᠳᠤᠭᠤᠴᠢᠨ ᠬᠦᠦ ᠠᠭᠲᠠ ᠮᠣᠷᠢᠨ ᠳ᠋ᠠᠭᠠᠨ ᠮᠣᠷᠳᠠᠵᠤ᠂ ᠠᠰ ᠬᠣᠢᠰᠢ ᠭᠠᠷᠴᠤ ᠬᠠᠷᠠᠭᠰᠠᠨ ᠳ᠋ᠤ᠌᠂ ᠤᠯᠠᠭᠠᠨ ᠲᠣᠭᠣᠰᠣ ᠳᠡᠭᠳᠡᠨ᠂ ᠠᠭᠤᠯᠠ ᠬᠠᠳᠠ ᠲᠦᠷᠴᠢᠭᠢᠨᠡᠵᠦ᠂ ᠤᠰᠤ ᠮᠥᠷᠡᠨ ᠴᠠᠯᠭᠢᠵᠤ ᠰᠠᠯᠬᠢᠨ ᠵᠢᠪᠠᠷ ᠳᠡᠭᠳᠡᠨ᠂ ᠨᠢᠭᠡ ᠶᠡᠬᠡ ᠠᠪᠤᠷᠭᠤ ᠮᠣᠭᠠᠢ ᠭᠤᠯᠭᠤᠨ ᠶᠠᠪᠤᠵᠤ ᠢᠷᠡᠵᠦ ᠪᠠᠢᠨ᠎ᠠ ᠭᠡᠨ᠎ᠡ᠃
ᠡᠭᠦᠨ ᠢ᠋ ᠦᠵᠡᠭᠡᠳ᠂ ᠭᠡᠨᠡᠳᠲᠡ ᠮᠣᠷᠢ ᠪᠠᠨ ᠲᠠᠰᠢᠭᠤᠷᠳᠠᠨ ᠳᠠᠪᠬᠢᠵᠤ᠂ ᠣᠢᠷᠠᠲᠤᠨ ᠣᠴᠢᠭᠠᠳ᠂ ᠥᠨᠳᠥᠷ ᠤᠷᠭ᠎ᠠ ᠪᠠᠨ ᠭᠤᠶᠠᠳᠠᠵᠤ᠂ ᠬᠦᠵᠦᠭᠦᠨ ᠳ᠋ᠦ᠍ᠨᠢ ᠬᠠᠶᠠᠨ ᠣᠷᠣᠭᠤᠯᠤᠭᠠᠳ᠂ ᠬᠦᠴᠦᠨ ᠦ᠌ ᠴᠢᠨᠡᠭᠡ ᠪᠡᠷ ᠢ᠋ᠶ᠋ᠡᠨ ᠮᠤᠰᠬᠢᠵᠦ ᠬᠦᠳᠡᠷ ᠶᠡᠬᠡ ᠮᠣᠭᠠᠢ ᠶ᠋ᠢ ᠬᠥᠳᠡᠯᠭᠡᠬᠦ ᠦᠭᠡᠢ ᠪᠣᠭᠣᠮᠢᠯᠠᠭᠰᠠᠨ ᠳ᠋ᠤ᠌ ᠠᠪᠤᠷᠭᠤ ᠮᠣᠭᠠᠢ ᠪᠠᠴᠢᠮᠳᠠᠵᠤ᠂ ᠠᠮᠢ ᠲᠡᠮᠡᠴᠡᠨ ᠦᠰᠦᠷᠦᠭᠰᠡᠨ ᠳ᠋ᠦ᠍ ᠤᠷᠭ᠎ᠠ ᠶ᠋ᠢᠨ ᠰᠢᠵᠢᠮ ᠦ᠋ᠨ ᠡᠷᠴᠢᠮ ᠨᠢ ᠴᠢᠩᠭᠠᠷᠠᠵᠤ ᠤᠷᠪᠠᠨ ᠬᠥᠷᠪᠡᠵᠦ ᠳᠤᠲᠠᠭᠠᠬᠤ ᠶ᠋ᠢᠨ ᠵᠠᠢ ᠦᠭᠡᠢ ᠪᠣᠯᠵᠤ᠂ ᠬᠡᠢ ᠠᠮᠢᠰᠬᠤᠭ᠎ᠠ ᠨᠢ ᠪᠥᠭᠯᠡᠷᠡᠵᠦ᠂ ᠬᠡᠴᠡᠭᠦᠦ ᠰᠡᠭᠦᠯ ᠢ᠋ᠶ᠋ᠡᠨ ᠭᠤᠶᠠᠳᠠᠭᠰᠠᠭᠠᠷ ᠦᠬᠦᠪᠡ ᠭᠡᠨ᠎ᠡ᠃
ᠴᠢᠩᠭᠢᠭᠡᠳ ᠡᠨᠡ ᠭᠤᠷᠪᠠᠨ ᠥᠬᠢᠨ ᠡᠭᠦᠨ ᠢ᠋ ᠦᠵᠡᠭᠡᠳ ᠠᠳᠤᠭᠤᠴᠢᠨ ᠬᠦᠦ ᠳ᠋ᠦ᠍ ᠲᠠᠯᠠᠷᠬᠠᠨ᠂ ᠴᠠᠢ ᠬᠣᠭᠣᠯᠠ ᠥᠭᠴᠦ ᠶᠡᠬᠡ ᠪᠠᠶᠠᠷᠯᠠᠬᠤ ᠳ᠋ᠤ᠌᠂ ᠶᠡᠬᠡ ᠥᠬᠢᠨ ᠨᠢ ᠬᠡᠯᠡᠭᠰᠡᠨ ᠨᠢ᠄《ᠣᠳᠣ ᠮᠠᠨ ᠤ᠋ ᠡᠵᠢ ᠢᠷᠡᠬᠦ ᠰᠢᠬᠠᠪᠠ᠃ ᠮᠠᠨ ᠤ᠋ ᠡᠵᠢ ᠪᠣᠯ ᠠᠭᠤᠷ ᠲᠦᠷᠭᠡᠨ᠂ ᠬᠢᠯᠢᠩ ᠲᠣᠭᠰᠢᠨ ᠬᠥᠮᠦᠨ ᠶᠤᠮ᠃ ᠬᠡᠷᠪᠡ ᠴᠢ ᠡᠨᠳᠡ ᠪᠠᠢᠪᠠᠯ ᠴᠢᠮᠠᠶ᠋ᠢ ᠴᠣᠬᠢᠵᠤ ᠠᠯᠠᠬᠤ ᠳ᠋ᠤ᠌ ᠰᠠᠭᠠᠳ ᠦᠭᠡᠢ᠃ ᠴᠢ ᠤᠷᠲᠤ ᠬᠤᠸᠠ ᠶ᠋ᠢᠨ ᠲᠣᠯᠣᠭᠠᠢ ᠳ᠋ᠤ᠌ ᠨᠢᠭᠤᠵᠤ ᠪᠠᠢ᠃ ᠡᠵᠢ ᠢᠷᠡᠭᠰᠡᠨ ᠬᠣᠢᠨ᠎ᠠ ᠪᠢᠳᠡ ᠤᠴᠢᠷ ᠢ᠋ ᠨᠢ ᠬᠡᠯᠡᠵᠦ ᠦᠵᠡᠶ᠎ᠡ》 ᠭᠡᠳ ᠠᠳᠤᠭᠤᠴᠢᠨ ᠬᠦᠦ ᠶ᠋ᠢ ᠬᠤᠸᠠ ᠶ᠋ᠢᠨ ᠲᠣᠯᠣᠭᠠᠢ ᠳ᠋ᠤ᠌ ᠣᠴᠢᠭᠤᠯᠵᠤ ᠨᠢᠭᠤᠯᠭᠠᠪᠠ ᠭᠡᠨ᠎ᠡ᠃
ᠴᠢᠩᠭᠢᠭᠡᠳ ᠠᠳᠤᠭᠤᠴᠢᠨ ᠬᠦᠦ ᠨᠢᠭᠤᠨ ᠰᠠᠭᠤᠵᠤ ᠪᠠᠢᠲᠠᠯ᠎ᠠ᠂ ᠠᠰ ᠡᠮᠦᠨ᠎ᠡ ᠡᠴᠡ ᠨᠢᠭᠡᠨ ᠬᠡᠰᠡᠭ ᠬᠠᠷ᠎ᠠ ᠡᠭᠦᠯᠡ᠂ ᠬᠠᠷᠪᠤᠭᠰᠠᠨ ᠰᠤᠮᠤ ᠰᠢᠭ᠋ ᠲᠦᠷᠭᠡᠨ ᠨᠢᠰᠴᠦ ᠢᠷᠡᠭᠡᠳ᠂ ᠡᠨᠡ ᠴᠠᠭᠠᠨ ᠭᠡᠷ ᠦ᠋ᠨ ᠳᠡᠭᠡᠭᠦᠷ ᠭᠤᠷᠪᠠ ᠡᠷᠭᠢᠵᠦ᠂ ᠬᠠᠷ᠎ᠠ ᠡᠭᠦᠯᠡᠨ ᠦ᠌ ᠳᠤᠮᠳᠠ ᠠ᠋ᠴᠠ ᠨᠢᠭᠡᠨ ᠬᠡᠰᠡᠭ ᠴᠠᠭᠠᠨ ᠡᠭᠦᠯᠡ ᠳᠡᠯᠪᠡᠯᠵᠡᠨ ᠭᠠᠷᠴᠤ ᠰᠢᠭᠤᠳ ᠳᠣᠷᠣᠭᠰᠢ ᠪᠠᠭᠤᠭᠠᠳ᠂ ᠴᠠᠭᠠᠨ ᠭᠡᠷ ᠦ᠋ᠨ ᠲᠣᠭᠣᠨᠣ ᠪᠠᠷ ᠨᠢ ᠨᠢᠰᠦᠨ ᠣᠷᠣᠪᠠ ᠭᠡᠨ᠎ᠡ᠃
ᠴᠢᠩᠭᠢᠭᠡᠳ ᠬᠠᠨ ᠭᠠᠷᠤᠳᠢ ᠦᠵᠡᠭᠰᠡᠨ ᠳ᠋ᠦ᠍᠂ ᠦᠯᠡᠳᠡᠭᠰᠡᠨ ᠭᠤᠷᠪᠠᠨ ᠬᠡᠦᠬᠡᠨ ᠨᠢ ᠨᠢᠭᠡᠴᠦ ᠳᠤᠲᠠᠭᠤ ᠦᠭᠡᠢ ᠪᠥᠭᠡᠳ ᠶᠡᠬᠡᠯ᠎ᠡ ᠪᠠᠶᠠᠷ ᠲᠠᠢ ᠪᠠᠢᠬᠤ ᠶ᠋ᠢ ᠦᠵᠡᠭᠡᠳ᠂ ᠠᠪᠤᠷᠭᠤ ᠮᠣᠭᠠᠢ ᠢᠷᠡᠭᠰᠡᠨ ᠦᠭᠡᠢ ᠤᠤ? ᠭᠡᠵᠦ ᠠᠰᠠᠭᠤᠵᠠᠢ᠃ ᠥᠬᠢᠳ ᠨᠢ ᠬᠡᠯᠡᠭᠰᠡᠨ ᠨᠢ᠄《ᠡᠨᠡ ᠡᠳᠦᠷ ᠨᠢᠭᠡᠨ ᠠᠳᠤᠭᠤᠴᠢᠨ ᠵᠠᠯᠠᠭᠤ ᠢᠷᠡᠵᠦ᠂ ᠠᠪᠤᠷᠭᠤ ᠮᠣᠭᠠᠢ ᠶ᠋ᠢ ᠤᠷᠭᠠᠳᠠᠨ ᠪᠣᠭᠣᠮᠢᠯᠠᠵᠤ ᠠᠯᠠᠪᠠ》 ᠭᠡᠰᠡᠨ ᠳ᠋ᠦ᠍᠂ ᠬᠠᠨ ᠭᠠᠷᠤᠳᠢ ᠶᠡᠬᠡᠯ᠎ᠡ ᠪᠠᠶᠠᠷᠯᠠᠵᠤ᠂ ᠲᠡᠷᠡ ᠠᠳᠤᠭᠤᠴᠢᠨ ᠵᠠᠯᠠᠭᠤ ᠬᠠᠮᠢᠭ᠎ᠠ ᠪᠠᠢᠨ᠎ᠠ ᠪᠣᠢ? ᠲᠠ ᠨᠠᠷ ᠬᠠᠷᠢᠨ ᠠᠮᠢ ᠪᠠᠨ ᠠᠪᠤᠷᠠᠭᠰᠠᠨ ᠬᠥᠮᠦᠨ ᠦ᠌ ᠪᠡᠨ ᠠᠴᠢ ᠶ᠋ᠢ ᠬᠠᠷᠢᠭᠤᠯᠬᠤ ᠦᠭᠡᠢ ᠪᠡᠷ ᠬᠠᠮᠢᠭᠠᠰᠢ ᠶᠠᠪᠤᠭᠤᠯᠪᠠ? ᠭᠡᠰᠡᠨ ᠳ᠋ᠦ᠍᠄《ᠮᠥᠨ ᠡᠮᠦᠨ᠎ᠡ ᠬᠤᠸᠠ ᠶ᠋ᠢᠨ ᠲᠣᠯᠣᠭᠠᠢ ᠳᠡᠭᠡᠷ᠎ᠡ ᠨᠢᠭᠤᠵᠤ ᠪᠠᠢᠨ᠎ᠠ》 ᠭᠡᠵᠦ ᠬᠠᠷᠢᠭᠤᠯᠤᠭᠰᠠᠨ ᠳ᠋ᠤ᠌᠄ ᠠᠳᠤᠭᠤᠴᠢᠨ ᠬᠦᠦ ᠶ᠋ᠢ ᠬᠤᠷᠳᠤᠨ ᠠᠪᠴᠤ ᠢᠷ᠎ᠡ ᠭᠡᠪᠡ᠃
ᠢᠩᠭᠢᠭᠡᠳ ᠠᠳᠤᠭᠤᠴᠢᠨ ᠬᠦᠦ ᠶ᠋ᠢ ᠬᠠᠨ ᠭᠠᠷᠤᠳᠢ ᠡᠬᠡ ᠲᠡᠢ ᠪᠡᠨ ᠠᠭᠤᠯᠵᠠᠭᠤᠯᠤᠭᠰᠠᠨ ᠳ᠋ᠤ᠌᠂ ᠬᠠᠨ ᠭᠠᠷᠤᠳᠢ ᠶ᠋ᠢᠨ ᠬᠡᠯᠡᠭᠰᠡᠨ ᠨᠢ᠄《ᠬᠦᠦ ᠮᠢᠨᠢ ᠶᠡᠬᠡ ᠪᠠᠭᠠᠲᠤᠷ ᠪᠠᠢᠨ᠎ᠠ᠃ ᠪᠢᠳᠡᠨ ᠦ᠌ ᠳᠠᠢᠰᠤᠨ ᠠᠪᠤᠷᠭᠤ ᠮᠣᠭᠠᠢ ᠶ᠋ᠢ ᠠᠯᠠᠵᠤ᠂ ᠥᠬᠢᠳ ᠦ᠋ᠨ ᠮᠢᠨᠢ ᠠᠮᠢ ᠶ᠋ᠢ ᠠᠪᠤᠷᠠᠭᠰᠠᠨ ᠳ᠋ᠤ᠌ ᠴᠢᠨᠢ᠂ ᠠᠴᠢ ᠶ᠋ᠢ ᠴᠢᠨᠢ ᠬᠠᠷᠢᠭᠤᠯᠠᠨ᠎ᠠ᠃ ᠬᠦᠦ ᠮᠢᠨᠢ ᠠᠯᠢ ᠨᠤᠲᠤᠭ ᠤ᠋ᠨ ᠬᠥᠮᠦᠨ ᠪᠣᠢ? ᠠᠯᠤᠰ ᠤ᠋ᠨ ᠵᠣᠷᠢᠯᠭ᠎ᠠ ᠶᠠᠭᠤᠨ ᠳ᠋ᠤ᠌ ᠪᠣᠢ?》 ᠭᠡᠰᠡᠨ ᠳ᠋ᠦ᠍᠂ ᠠᠳᠤᠭᠤᠴᠢᠨ ᠬᠦᠦ ᠶ᠋ᠢᠨ ᠬᠡᠯᠡᠭᠰᠡᠨ ᠨᠢ᠄《ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤ ᠶ᠋ᠢ ᠪᠠᠷᠢᠬᠤ ᠪᠠᠷ ᠶᠠᠪᠤᠵᠤ ᠪᠠᠢᠨ᠎ᠠ》 ᠭᠡᠰᠡᠨ ᠳ᠋ᠦ᠍ ᠬᠠᠨ ᠭᠠᠷᠤᠳᠢ᠄《ᠡᠨᠡ ᠬᠠᠷᠢᠨ ᠪᠡᠷᠬᠡᠲᠡᠢ ᠶᠠᠪᠤᠳᠠᠯ ᠪᠠᠢᠨ᠎ᠠ᠃ ᠭᠡᠪᠡᠴᠦ ᠡᠵᠢ ᠨᠢ ᠴᠢᠮ᠎ᠠ ᠳ᠋ᠤ᠌ ᠲᠤᠰᠠᠯᠠᠵᠤ ᠥᠭᠭᠦᠶ᠎ᠡ》 ᠭᠡᠵᠦ ᠬᠡᠯᠡᠵᠡᠢ᠃
ᠲᠡᠭᠡᠭᠡᠳ ᠭᠤᠷᠪᠠᠨ ᠡᠳᠦᠷ ᠪᠡᠯᠡᠳᠬᠡᠯ ᠬᠢᠵᠦ᠂ ᠬᠠᠨ ᠭᠠᠷᠤᠳᠢ ᠨᠢᠭᠡᠨ ᠬᠠᠲᠠᠭᠤ ᠲᠡᠮᠦᠷ ᠳᠡᠭᠡᠭᠡ ᠬᠢᠵᠦ ᠠᠪᠤᠭᠠᠳ ᠬᠣᠶᠠᠭᠤᠯᠠ ᠪᠠᠨ ᠶᠠᠪᠤᠵᠤ᠂ ᠤᠳᠠᠭᠰᠠᠨ ᠦᠭᠡᠢ ᠪᠤᠬ᠎ᠠ ᠬᠠᠷ᠎ᠠ ᠨᠣᠬᠠᠢ ᠬᠢᠭᠡᠳ ᠪᠤᠬ᠎ᠠ ᠬᠠᠷ᠎ᠠ ᠰᠢᠪᠠᠭᠤᠨ ᠤ᠋ ᠨᠤᠲᠤᠭ ᠲᠤᠨᠢ ᠢᠷᠡᠵᠦ ᠦᠵᠡᠭᠰᠡᠨ ᠳ᠋ᠦ᠍᠂ ᠦᠨᠡᠬᠡᠷ ᠬᠣᠶᠠᠷ ᠬᠠᠷ᠎ᠠ ᠠᠭᠤᠯᠠ ᠰᠢᠭ᠋ ᠰᠠᠭᠤᠵᠤ ᠪᠠᠢᠨ᠎ᠠ ᠭᠡᠨ᠎ᠡ᠃
ᠪᠤᠬ᠎ᠠ ᠬᠠᠷ᠎ᠠ ᠨᠣᠬᠠᠢ ᠨᠢ ᠪᠣᠯ᠂ ᠭᠠᠵᠠᠷ ᠳᠡᠭᠡᠭᠦᠷ ᠠᠮᠢᠲᠠᠨ ᠶᠠᠪᠤᠭᠤᠯᠬᠤ ᠦᠭᠡᠢ ᠪᠠᠷᠢᠵᠤ ᠢᠳᠡᠳᠡᠭ ᠪᠥᠭᠡᠳ ᠪᠤᠬ᠎ᠠ ᠬᠠᠷ᠎ᠠ ᠰᠢᠪᠠᠭᠤ ᠨᠢ ᠠᠭᠠᠷ ᠳᠡᠭᠡᠭᠦᠷ ᠵᠢᠭᠦᠷᠲᠡᠨ ᠨᠢᠰᠦᠭᠦᠯᠬᠦ ᠦᠭᠡᠢ ᠬᠥᠭᠡᠭᠡᠵᠦ ᠢᠳᠡᠳᠡᠭ ᠲᠤᠯᠠ᠂ ᠡᠳᠡ ᠬᠣᠶᠠᠭᠤᠯᠠ ᠠᠳᠤᠭᠤᠴᠢᠨ ᠬᠦᠦ᠂ ᠬᠠᠨ ᠭᠠᠷᠤᠳᠢ ᠶ᠋ᠢᠨ ᠢᠷᠡᠬᠦ ᠶ᠋ᠢ ᠣᠯᠵᠤ ᠦᠵᠡᠭᠡᠳ᠂ ᠰᠢᠪᠠᠭᠤ ᠨᠢ ᠬᠠᠷ᠎ᠠ ᠰᠣᠯᠣᠩᠭ᠎ᠠ ᠲᠠᠲᠠᠵᠤ᠂ ᠳᠡᠭᠡᠭᠰᠢ ᠪᠣᠰᠴᠤ ᠬᠠᠨ ᠭᠠᠷᠤᠳᠢ ᠶ᠋ᠢ ᠰᠢᠭᠤᠳ ᠨᠡᠬᠡᠨ ᠢᠷᠡᠬᠦ ᠳ᠋ᠦ᠍᠂ ᠬᠠᠨ ᠭᠠᠷᠤᠳᠢ ᠬᠠᠲᠠᠭᠤ ᠲᠡᠮᠦᠷ ᠳᠡᠭᠡᠭᠡ ᠪᠡᠷ ᠢ᠋ᠶ᠋ᠡᠨ ᠨᠢᠭᠡᠨᠲᠡ ᠭᠣᠬᠠᠳᠠᠵᠤ᠂ ᠪᠤᠬ᠎ᠠ ᠬᠠᠷ᠎ᠠ ᠰᠢᠪᠠᠭᠤ ᠶ᠋ᠢ ᠪᠠᠷᠢᠵᠤ ᠠᠪᠤᠪᠠ᠃ ᠪᠤᠬ᠎ᠠ ᠬᠠᠷ᠎ᠠ ᠨᠣᠬᠠᠢ ᠨᠢ ᠠᠳᠤᠭᠤᠴᠢᠨ ᠬᠦᠦ ᠶ᠋ᠢ ᠪᠠᠷᠢᠵᠤ ᠢᠳᠡᠬᠦ ᠪᠡᠷ ᠭᠦᠶᠦᠨ ᠢᠷᠡᠬᠦ ᠳ᠋ᠦ᠍᠂ ᠠᠳᠤᠭᠤᠴᠢᠨ ᠬᠦᠦ ᠠᠯᠠᠪᠬᠢᠵᠤ ᠴᠢᠬᠢᠳᠡᠨ ᠮᠣᠷᠳᠠᠭᠠᠳ ᠴᠣᠬᠢᠭᠰᠠᠭᠠᠷ ᠨᠣᠮᠣᠬᠠᠨ ᠪᠣᠯᠭᠠᠵᠤ ᠠᠪᠴᠠᠢ᠃
ᠲᠡᠭᠡᠭᠡᠳ ᠠᠳᠤᠭᠤᠴᠢᠨ ᠬᠦᠦ᠂ ᠬᠠᠨ ᠭᠠᠷᠤᠳᠢ ᠳ᠋ᠤ᠌ ᠬᠦᠨᠳᠦ ᠲᠠᠯᠠᠷᠬᠠᠯ ᠬᠢᠵᠦ ᠰᠠᠯᠤᠭᠠᠳ᠂ ᠪᠤᠬ᠎ᠠ ᠬᠠᠷ᠎ᠠ ᠰᠢᠪᠠᠭᠤ ᠪᠠᠨ ᠮᠥᠷᠦᠨ ᠳᠡᠭᠡᠷ᠎ᠡ ᠪᠡᠨ ᠰᠠᠭᠤᠯᠭᠠᠵᠤ ᠪᠤᠬ᠎ᠠ ᠬᠠᠷ᠎ᠠ ᠨᠣᠬᠠᠢ ᠪᠠᠨ ᠳᠠᠭᠠᠭᠤᠯᠵᠤ᠂ ᠨᠤᠲᠤᠭ ᠲᠠᠭᠠᠨ ᠬᠠᠷᠢᠵᠤ ᠢᠷᠡᠬᠦ ᠳ᠋ᠦ᠍᠂ ᠬᠠᠭᠠᠨ ᠨᠢ ᠰᠤᠷᠠᠭ ᠢ᠋ ᠨᠢ ᠰᠣᠨᠣᠰᠤᠭᠠᠳ᠂ ᠶᠡᠬᠡᠯ᠎ᠡ ᠠᠶᠤᠵᠤ ᠡᠨᠡ ᠪᠤᠬ᠎ᠠ ᠬᠠᠷ᠎ᠠ ᠰᠢᠪᠠᠭᠤ ᠬᠢᠭᠡᠳ ᠪᠤᠬ᠎ᠠ ᠬᠠᠷ᠎ᠠ ᠨᠣᠬᠠᠢ ᠬᠥᠮᠦᠨ ᠪᠠᠷᠢᠵᠤ ᠢᠳᠡᠳᠡᠭ᠃ ᠣᠳᠣ ᠶᠠᠭᠠᠬᠢᠬᠤ ᠪᠢᠯᠡ? ᠭᠡᠵᠦ ᠬᠠᠭᠠᠨ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠭᠠᠳ ᠰᠢᠷᠡᠭᠡᠨ ᠡᠴᠡ ᠪᠡᠨ ᠪᠠᠭᠤᠵᠤ᠂ ᠤᠭᠤᠲᠠ ᠪᠠᠨ ᠡᠭᠦᠷᠴᠦ ᠳᠤᠲᠠᠭᠠᠨ ᠶᠠᠪᠤᠪᠠ ᠭᠡᠨ᠎ᠡ᠃
ᠬᠠᠲᠤᠨ ᠨᠢ ᠬᠠᠮᠤᠭ ᠰᠠᠢᠬᠠᠨ ᠵᠠᠰᠠᠯ ᠢ᠋ᠶ᠋ᠠᠨ ᠭᠠᠷᠭᠠᠵᠤ ᠴᠢᠮᠡᠭᠯᠡᠭᠡᠳ ᠠᠳᠤᠭᠤᠴᠢᠨ ᠬᠦᠦ ᠶ᠋ᠢ ᠤᠭᠲᠤᠨ ᠢᠷᠡᠬᠦ ᠳ᠋ᠦ᠍ ᠪᠤᠬ᠎ᠠ ᠬᠠᠷ᠎ᠠ ᠨᠣᠬᠠᠢ ᠬᠢᠭᠡᠳ᠂ ᠪᠤᠬ᠎ᠠ ᠬᠠᠷ᠎ᠠ ᠰᠢᠪᠠᠭᠤ ᠨᠢ ᠬᠠᠮᠲᠤ ᠪᠠᠷ ᠣᠴᠢᠵᠤ ᠬᠠᠲᠤᠨ ᠢ᠋ ᠨᠢ ᠬᠣᠶᠠᠷ ᠲᠡᠰᠢ ᠨᠢ ᠰᠠᠯᠭᠠᠵᠤ ᠢᠳᠡᠪᠡ ᠭᠡᠨ᠎ᠡ᠃
ᠴᠢᠩᠭᠢᠭᠡᠳ ᠠᠳᠤᠭᠤᠴᠢᠨ ᠬᠦᠦ ᠬᠠᠭᠠᠨ ᠰᠢᠷᠡᠭᠡᠨ ᠳ᠋ᠦ᠍ᠨᠢ ᠰᠠᠭᠤᠵᠤ᠂ ᠪᠤᠬ᠎ᠠ ᠬᠠᠷ᠎ᠠ ᠨᠣᠬᠠᠢ ᠪᠠᠷ ᠢ᠋ᠶ᠋ᠠᠨ ᠬᠣᠲᠠ ᠬᠠᠰᠢᠶ᠎ᠠ ᠪᠠᠨ ᠰᠠᠬᠢᠭᠤᠯᠵᠤ᠂ ᠪᠤᠬ᠎ᠠ ᠬᠠᠷ᠎ᠠ ᠰᠢᠪᠠᠭᠤ ᠪᠠᠷ ᠢ᠋ᠶ᠋ᠠᠨ ᠠᠳᠤᠭᠤ ᠮᠠᠯ ᠢ᠋ᠶ᠋ᠠᠨ ᠬᠠᠷᠠᠭᠤᠯᠵᠤ᠂ ᠠᠮᠤᠷ ᠰᠠᠢᠬᠠᠨ ᠵᠢᠷᠭᠠᠨ ᠰᠠᠭᠤᠪᠠ ᠭᠡᠨ᠎ᠡ᠃