ᠴᠡᠩᠬᠡᠷ ᠴᠠᠭᠠᠨ ᠡᠭᠦᠯᠡ-ᠤᠢᠭᠤᠷᠵᠢᠨ ᠰᠡᠴᠡᠨᠲᠤᠶᠠᠭ᠎ᠠ Цэнхэр цагаан үүл-Уйгуржин СэцэнтуяаTsenkher tsagaan üül
ᠴᠡᠩᠬᠡᠷ ᠴᠠᠭᠠᠨ ᠡᠭᠦᠯᠡ
ᠣᠷᠳᠣᠰ ᠠᠷᠠᠳ ᠤ᠋ᠨ ᠳᠠᠭᠤᠤ
ᠳᠠᠭᠤᠴᠢᠨ᠄ ᠤᠢᠭᠤᠷᠵᠢᠨ ᠰᠡᠴᠡᠨᠲᠤᠶᠠᠭ᠎ᠠ
ᠴᠡᠩᠬᠡᠷ ᠴᠠᠭᠠᠨ ᠡᠭᠦᠯᠡᠨ ᠡᠴᠡ
ᠴᠢᠭᠢᠭ ᠬᠤᠷ᠎ᠠ ᠤᠷᠤᠳᠠᠭ ᠶᠤᠮ ᠳ᠋ᠣᠣ
ᠴᠢᠩᠳᠠ ᠰᠡᠳᠬᠢᠯ ᠴᠢᠨᠢ ᠵᠠᠩ ᠢ᠋ᠶ᠋ᠠᠷ ᠢ᠋ᠶ᠋ᠠᠨ ᠪᠠᠢᠪᠠᠯ
ᠴᠢᠭᠯᠡᠭᠡᠳ ᠢᠷᠡᠳᠡᠭ ᠶᠤᠮ ᠳ᠋ᠣᠣ
ᠪᠠᠳᠠᠷᠠᠩᠭᠤᠢ ᠡᠭᠦᠯᠡᠨ ᠡᠴᠡ
ᠪᠣᠷᠣᠭᠠᠨ ᠨᠢ ᠣᠷᠣᠳᠠᠭ ᠶᠤᠮ ᠳ᠋ᠣᠣ
ᠪᠠᠲᠤ ᠰᠡᠳᠬᠢᠯ ᠴᠢᠨᠢ ᠵᠠᠩ ᠢ᠋ᠶ᠋ᠠᠷ ᠢ᠋ᠶ᠋ᠠᠨ ᠪᠠᠢᠪᠠᠯ
ᠪᠤᠴᠠᠭᠠᠳ ᠢᠷᠡᠳᠡᠭ ᠶᠤᠮ ᠳ᠋ᠣᠣ
ᠥᠨᠳᠥᠷ ᠲᠡᠭᠷᠢ ᠶ᠋ᠢᠨ ᠡᠭᠦᠯᠡᠨ ᠡᠴᠡ
ᠬᠤᠷ᠎ᠠ ᠨᠢ ᠣᠷᠣᠳᠠᠭ ᠶᠤᠮ ᠳ᠋ᠣᠣ
ᠦᠨᠡᠨ ᠰᠡᠳᠬᠢᠯ ᠴᠢᠨᠢ ᠵᠠᠩ ᠢ᠋ᠶ᠋ᠠᠷ ᠢ᠋ᠶ᠋ᠠᠨ ᠪᠠᠢᠪᠠᠯ
ᠡᠷᠭᠢᠭᠡᠳ ᠢᠷᠡᠳᠡᠭ ᠶᠤᠮ ᠳ᠋ᠣᠣ
ᠠᠭᠠᠷ ᠭᠡᠭᠴᠢ ᠣᠭᠲᠠᠷᠭᠤᠢ ᠠ᠋ᠴᠠ
ᠷᠠᠰᠢᠶᠠᠨ ᠬᠠᠢᠷᠠᠯᠠᠳᠠᠭ ᠶᠤᠮ ᠳ᠋ᠣᠣ
ᠠᠮᠠᠷᠠᠭ ᠰᠡᠳᠬᠢᠯ ᠴᠢᠨᠢ ᠵᠠᠩ ᠢ᠋ᠶ᠋ᠠᠷ ᠢ᠋ᠶ᠋ᠠᠨ ᠪᠠᠢᠪᠠᠯ
ᠣᠬᠢᠭᠠᠳ ᠢᠷᠡᠳᠡᠭ ᠶᠤᠮ ᠳ᠋ᠣᠣ
ᠭᠠᠩᠭᠠᠷ ᠭᠤᠩᠭᠠᠷ ᠭᠠᠯᠠᠭᠤ ᠰᠢᠪᠠᠭᠤ ᠨᠢ
ᠭᠠᠵᠠᠷ ᠲᠠᠭᠠᠨ ᠶᠠᠪᠤᠬᠤ ᠶᠤᠮ ᠪᠠᠢᠨ᠎ᠠ
ᠭᠠᠩᠭᠠᠩ ᠵᠠᠩ ᠲᠠᠢ ᠰᠡᠷᠡᠩᠪᠤᠤ
ᠠᠵᠠᠢ ᠭᠡᠷ ᠲᠡᠭᠡᠨ ᠬᠠᠷᠢᠬᠤ ᠶᠤᠮ ᠪᠠᠢᠨ᠎ᠠ
ᠰᠠᠭᠠᠯᠢ ᠪᠠᠨ ᠪᠠᠷᠢᠭᠠᠳ ᠰᠠᠷᠬᠤᠳ ᠤ᠋ᠨ ᠳᠡᠭᠡᠵᠢ ᠪᠡᠷ
ᠰᠠᠭᠠᠲᠠᠭᠤᠯᠵᠤ ᠪᠠᠢᠬᠤᠯᠠᠷ ᠬᠦ
ᠰᠠᠭᠠᠳ ᠨᠢ ᠣᠷᠤᠭᠰᠠᠨ ᠰᠡᠳᠡᠩ ᠦᠵᠡᠩ ᠨᠢ
ᠰᠠᠨᠳᠤᠷᠤᠭᠤᠯᠤᠭᠠᠳ ᠭᠣᠷᠢ ᠦᠭᠡᠢ ᠪᠠᠢᠨ᠎ᠠ
ᠠᠯᠲᠠᠨ ᠲᠣᠷᠭᠠᠨ ᠬᠠᠳᠠᠭ ᠢ᠋ᠶ᠋ᠠᠷ ᠨᠢ
ᠠᠮᠤᠷ ᠢ᠋ ᠨᠢ ᠠᠰᠠᠭᠤᠭᠰᠠᠨ ᠶᠤᠮ
ᠠᠮᠤᠷ ᠤ᠋ᠨ ᠬᠠᠳᠠᠭ ᠤ᠋ᠨ ᠬᠠᠷᠢᠭᠤ ᠳᠤᠨᠢ
ᠬᠥᠬᠦᠦᠷ ᠦ᠋ᠨ ᠳᠠᠯᠢᠶᠠᠷ ᠢᠷᠡᠭᠰᠡᠨ ᠶᠤᠮ
ᠰᠠᠭᠯᠠᠭᠠᠷ ᠮᠣᠳᠤᠨ ᠤ᠋ ᠰᠡᠭᠦᠳᠡᠷ ᠳᠣᠣᠷ᠎ᠠ ᠨᠢ
ᠵᠢᠭᠠᠬᠠᠨ ᠰᠠᠭᠤᠶ᠎ᠠ ᠬᠦᠢ
ᠰᠠᠯᠤᠭᠠᠳ ᠶᠠᠪᠤᠬᠤ ᠬᠡᠳᠦᠨ ᠦᠭᠡ ᠪᠡᠨ
ᠬᠡᠯᠡᠯᠴᠡᠭᠡᠳ ᠮᠣᠷᠳᠠᠶ᠎ᠠ ᠳ᠋ᠣᠣ
ᠬᠣᠯᠠ ᠶ᠋ᠢᠨ ᠵᠠᠮ ᠳ᠋ᠠᠭᠠᠨ ᠶᠠᠪᠤᠨ᠎ᠠ ᠭᠡᠳ
ᠬᠤᠷᠳᠤᠨ ᠬᠥᠯᠦᠭ ᠢ᠋ᠶ᠋ᠡᠨ ᠤᠨᠤᠭᠰᠠᠨ ᠶᠤᠮ ᠳ᠋ᠣᠣ
ᠬᠣᠶᠠᠷ ᠡᠳᠦᠷ ᠦ᠋ᠨ ᠠᠶᠠᠨ ᠳ᠋ᠠᠭᠠᠨ
ᠬᠤᠴᠤᠷᠤᠯ ᠦᠭᠡᠢ ᠬᠦᠷᠦᠭᠡᠳ ᠣᠴᠢᠭᠰᠠᠨ ᠶᠤᠮ
ᠢᠩᠭᠢᠭᠰᠡᠭᠡᠷ ᠲᠡᠭᠡᠭᠰᠡᠭᠡᠷ ᠪᠠᠢᠭᠠᠳ
ᠡᠷᠭᠢᠵᠦ ᠶᠠᠪᠤᠬᠤ ᠳ᠋ᠠᠭᠠᠨ ᠬᠦᠷᠦᠯ᠎ᠡ ᠳ᠋ᠣᠣ
ᠡᠯᠢᠭᠡ ᠵᠢᠷᠦᠬᠡ ᠳᠣᠲᠤᠷ᠎ᠠ ᠠ᠋ᠴᠠ ᠮᠢᠨᠢ
ᠰᠢᠮᠰᠢᠷᠡᠭᠡᠳ ᠪᠠᠢᠬᠤ ᠶᠤᠮ
ᠥᠷᠭᠡᠨ ᠳᠡᠯᠡᠬᠡᠢ ᠳ᠋ᠦ᠍
ᠥᠨᠳᠥᠷ ᠮᠤᠨᠠ ᠦᠵᠡᠰᠬᠦᠯᠡᠩ ᠰᠠᠢᠬᠠᠨ ᠳ᠋ᠣᠣ
ᠥᠩᠰᠢᠭ ᠰᠠᠢᠬᠠᠨ ᠡᠪᠡᠰᠦ ᠪᠡᠯᠴᠢᠭᠡᠷ ᠲᠡᠢ
ᠰᠠᠭᠤᠯᠠᠯᠲᠠᠢ ᠨᠤᠲᠤᠭ ᠠ᠋ ᠬᠦ
ᠠᠭᠠᠷ ᠭᠡᠭᠴᠢ ᠣᠭᠲᠠᠷᠭᠤᠢ ᠠ᠋ᠴᠠ
ᠡᠭᠦᠯᠡ ᠨᠢ ᠭᠠᠷᠳᠠᠭ ᠶᠤᠮ ᠳ᠋ᠣᠣ
ᠠᠯᠪᠠ ᠶ᠋ᠢᠨ ᠨᠥᠬᠥᠷ ᠰᠡᠷᠡᠩᠪᠤᠤ ᠠᠵᠠᠢ ᠮᠢᠨᠢ
ᠠᠮᠤᠷᠬᠠᠨ ᠰᠠᠢᠬᠠᠨ ᠰᠠᠭᠠᠲᠠᠭᠠᠷᠠᠢ
ᠠᠭᠤᠯᠵᠠᠬᠤ ᠶ᠋ᠢᠨ ᠪᠡᠯᠭᠡ ᠨᠢ
ᠤᠯᠠᠭᠠᠨ ᠬᠠᠪᠲᠠᠭ᠎ᠠ ᠪᠠᠨ ᠤᠶᠠᠭᠠᠳ ᠦᠭᠭᠦᠭᠰᠡᠨ ᠳ᠋ᠦ᠍
ᠣᠴᠢᠭᠰᠠᠨ ᠬᠣᠢᠨ᠎ᠠ ᠪᠠᠨ ᠡᠷᠭᠢᠭᠡᠳ ᠢᠷᠡᠬᠦ ᠪᠡᠨ
ᠥᠪᠡᠷ ᠢ᠋ᠶ᠋ᠡᠨ ᠮᠡᠳᠡᠭᠡᠷᠡᠢ
ᠬᠠᠨᠢᠯᠠᠬᠤ ᠶ᠋ᠢᠨ ᠪᠡᠯᠭᠡ ᠨᠢ
ᠬᠤᠸᠠᠷᠲᠠᠢ ᠬᠠᠪᠲᠠᠭ᠎ᠠ ᠪᠠᠨ ᠤᠶᠠᠭᠠᠳ ᠦᠭᠭᠦᠭᠰᠡᠨ
ᠬᠠᠷᠢᠭᠰᠠᠨ ᠬᠣᠢᠨ᠎ᠠ ᠡᠷᠭᠢᠭᠡᠳ ᠢᠷᠡᠬᠦ ᠪᠡᠨ
ᠬᠠᠷᠢᠨ ᠥᠪᠡᠷ ᠢ᠋ᠶ᠋ᠡᠨ ᠮᠡᠳᠡᠭᠡᠷᠡᠢ
ᠬᠤᠷᠮᠤᠰᠲᠠ ᠲᠡᠭᠷᠢ ᠶ᠋ᠢᠨ ᠡᠭᠦᠯᠡ
ᠬᠤᠷ᠎ᠠ ᠪᠠᠨ ᠬᠠᠢᠷᠠᠯᠠᠳᠠᠭ ᠶᠤᠮ
ᠬᠣᠩᠭᠣᠷ ᠪᠠᠭ᠎ᠠ ᠬᠤᠪᠢᠯᠴᠡᠴᠡᠭ ᠲᠡᠭᠡᠨ
ᠬᠤᠷᠳᠤᠨ ᠢᠷᠡᠭᠡᠷᠡᠢ ᠵᠢᠭᠦᠷᠲᠡᠨ ᠰᠢᠪᠠᠭᠤ ᠨᠢ ᠵᠢᠷᠭᠢᠭᠡᠳ ᠢᠷᠡᠪᠡᠯ
ᠵᠦᠯᠭᠡᠨ ᠳᠤᠮᠳᠠ ᠪᠠᠨ ᠪᠠᠢᠬᠤ ᠶᠤᠮ
ᠵᠢᠷᠤᠭ ᠪᠣᠯᠤᠭᠰᠠᠨ ᠰᠡᠷᠡᠩᠪᠤᠤ ᠠᠵᠠᠢ ᠮᠢᠨᠢ
ᠵᠡᠭᠦᠳᠦᠨ ᠡᠴᠡ ᠭᠠᠷᠬᠤ ᠦᠭᠡᠢ ᠶᠤᠮ ᠠ᠋ ᠶᠤᠮ᠃