ᠪᠦᠰᠡᠭᠦᠢ ᠬᠥᠮᠦᠨ ᠰᠢᠯᠦᠭ ᠪᠢᠴᠢᠳᠡᠭ ᠦ᠋ᠨ ᠤᠴᠢᠷ-ᠦᠷᠡᠴᠡᠴᠡᠭБүсгүй хүмүүн шүлэг бичидгийн очир-Үрцэцэг
ᠪᠦᠰᠡᠭᠦᠢ ᠬᠥᠮᠦᠨ ᠰᠢᠯᠦᠭ ᠪᠢᠴᠢᠳᠡᠭ ᠦ᠋ᠨ ᠤᠴᠢᠷ
ᠦᠷᠡᠴᠡᠴᠡᠭ
ᠠᠮᠢᠳᠤᠷᠠᠯ ᠬᠠᠢᠷ᠎ᠠ ᠶ᠋ᠢᠨ ᠢᠯᠴᠢ ᠶ᠋ᠢ
ᠠᠯᠠᠭᠠᠨ ᠳᠡᠭᠡᠷ᠎ᠡ ᠪᠡᠨ ᠲᠤᠰᠬᠤ ᠰᠠᠨ ᠭᠡᠵᠦ
ᠠᠮᠢ ᠨᠠᠰᠤᠨ ᠤ᠋ ᠠᠯᠳᠠᠩᠬᠠᠨ ᠮᠥᠴᠡ ᠪᠡᠨ
ᠢᠷᠠᠭᠤ ᠨᠠᠢᠷᠠᠭ ᠢ᠋ᠶ᠋ᠠᠷ ᠴᠢᠮᠡᠬᠦ ᠰᠠᠨ ᠭᠡᠵᠦ
ᠪᠦᠰᠡᠭᠦᠢ ᠬᠥᠮᠦᠨ ᠰᠢᠯᠦᠭ ᠪᠢᠴᠢᠳᠡᠭ ᠶᠤᠮ
ᠤᠬᠠᠭᠠᠨ ᠤ᠋ ᠠᠭᠤᠵᠢᠮ ᠴᠢᠯᠥᠭᠡᠨ ᠳ᠋ᠦ᠍ ᠪᠡᠨ
ᠣᠷᠴᠢᠯᠠᠩ ᠢ᠋ ᠪᠠᠭᠲᠠᠭᠠᠨ ᠶᠠᠪᠤᠳᠠᠭ ᠡᠴᠡ
ᠠᠲᠠᠭ᠎ᠠ ᠵᠢᠲᠥᠭᠡ ᠭᠡᠵᠦ ᠴᠠᠯᠮ᠎ᠠ ᠳ᠋ᠤ᠌ ᠪᠣᠭᠣᠭᠳᠠᠳᠠᠭ ᠦᠭᠡᠢ
ᠠᠰᠬᠠᠷᠠᠮ᠎ᠠ ᠰᠦ᠋ ᠰᠢᠭ ᠰᠡᠳᠬᠢᠯ ᠦ᠋ᠨ ᠠᠷᠢᠭᠤᠨ ᠢ᠋ᠶ᠋ᠠᠷ ᠢ᠋ᠶ᠋ᠠᠨ
ᠪᠦᠰᠡᠭᠦᠢ ᠬᠥᠮᠦᠨ ᠰᠢᠯᠦᠭ ᠪᠢᠴᠢᠳᠡᠭ ᠶᠤᠮ
ᠦᠨᠡᠨ ᠬᠠᠢᠷ᠎ᠠ ᠡᠴᠡ ᠦᠯᠢᠭᠡᠷ ᠲᠦ᠍ ᠠᠭᠤᠰᠴᠤ
ᠥᠷᠥᠪᠴᠢᠬᠡᠨ ᠰᠡᠳᠬᠢᠯᠭᠡ ᠡᠮᠵᠡᠭᠯᠡᠵᠦ ᠨᠢᠭᠡ ᠵᠢᠷᠭᠠᠳᠠᠭ ᠡᠴᠡ
ᠣᠳᠣ ᠲᠠᠢ ᠲᠩᠷᠢ ᠶ᠋ᠢᠨ ᠬᠠᠶᠠᠭ᠎ᠠ ᠰᠢᠷᠳᠡᠵᠦ
ᠤᠢᠳᠬᠠᠷ ᠪᠦᠬᠦᠨ ᠢ᠋ ᠡᠴᠦᠰ ᠦ᠋ᠨ ᠪᠣᠯᠤᠭᠠᠰᠠᠢ ᠭᠡᠵᠦ
ᠪᠦᠰᠡᠭᠦᠢ ᠬᠥᠮᠦᠨ ᠰᠢᠯᠦᠭ ᠪᠢᠴᠢᠳᠡᠭ ᠶᠤᠮ
ᠳᠠᠭᠢᠨᠢ ᠰᠢᠭ᠋ ᠭᠤᠸ᠎ᠠ ᠲᠥᠷᠥᠴᠢᠬᠡᠯᠡ ᠭᠡᠳ
ᠲᠡᠷᠡ ᠨᠢ ᠮᠥᠩᠬᠡ ᠶ᠋ᠢᠨ ᠪᠢᠰᠢ ᠬᠣᠢᠨ᠎ᠠ
ᠲᠠᠪᠢᠯᠠᠩ ᠵᠠᠶᠠᠭᠠᠨ ᠤ᠋ ᠪᠠᠷᠲᠠᠭᠠᠲᠤ ᠵᠠᠮ ᠢ᠋
ᠵᠢᠰᠦᠨ ᠦ᠌ ᠰᠠᠢᠬᠠᠨ ᠢ᠋ᠶ᠋ᠠᠷ ᠢ᠋ᠶ᠋ᠠᠨ ᠪᠢᠰᠢ ᠵᠢᠷᠦᠬᠡᠨ ᠲᠠᠮᠢᠷ ᠢ᠋ᠶ᠋ᠠᠷ ᠢ᠋ᠶ᠋ᠠᠨ ᠳᠣᠭᠣᠯᠳᠠᠭ ᠡᠴᠡ
ᠪᠦᠰᠡᠭᠦᠢ ᠬᠥᠮᠦᠨ ᠰᠢᠯᠦᠭ ᠪᠢᠴᠢᠳᠡᠭ ᠶᠤᠮ
ᠡᠮᠡᠭᠡ ᠶ᠋ᠢᠨ ᠬᠠᠭᠤᠴᠢᠯᠠᠳᠠᠭ ᠲᠡᠷᠡ ᠰᠠᠢᠬᠠᠨ ᠵᠡᠭᠡᠷ᠎ᠡ ᠲᠠᠭᠰᠢᠭᠰᠠᠨ ᠭᠣᠪᠢ ᠶ᠋ᠢ
ᠡᠷᠭᠢᠨ ᠣᠯᠵᠤ ᠬᠠᠷᠠᠬᠤ ᠡᠴᠡ ᠪᠠᠨ ᠬᠣᠯᠠᠳᠠᠭᠰᠠᠨ
ᠡᠮᠵᠡᠭ ᠰᠡᠳᠬᠢᠯ ᠢ᠋ᠶ᠋ᠡᠨ ᠨᠠᠢᠷᠠᠭ ᠢ᠋ᠶ᠋ᠠᠷ ᠠᠷᠭᠠᠳᠠᠵᠤ
ᠪᠦᠰᠡᠭᠦᠢ ᠬᠥᠮᠦᠨ ᠰᠢᠯᠦᠭ ᠪᠢᠴᠢᠳᠡᠭ ᠶᠦᠮ
ᠮᠣᠩᠭᠣᠯ ᠰᠣᠶᠣᠯ ᠤ᠋ᠨ ᠢ᠋ᠶ᠋ᠠᠨ ᠤᠨᠲᠠᠷᠠᠰᠢ ᠦᠭᠡᠢ ᠴᠣᠭ ᠢ᠋
ᠰᠡᠳᠬᠢᠯ ᠳ᠋ᠦ᠍ ᠪᠡᠨ ᠮᠠᠨᠠᠵᠤ
ᠮᠣᠷᠢᠲᠠᠨ ᠦᠨᠳᠦᠰᠦᠲᠡᠨ ᠦ᠌ ᠪᠡᠨ ᠪᠠᠭᠤᠷᠠᠰᠢ ᠦᠭᠡᠢ ᠰᠦᠷ ᠢ᠋
ᠵᠢᠷᠦᠬᠡᠨ ᠳ᠋ᠦ᠍ ᠪᠡᠨ ᠰᠢᠲᠦᠵᠦ
ᠳᠤᠨᠳᠠᠷᠠᠰᠢ ᠦᠭᠡᠢ ᠴᠠᠯᠭᠢᠬᠤ ᠨᠠᠢᠷᠠᠭ ᠤ᠋ᠨ ᠰᠠᠩ ᠳ᠋ᠤ᠌
ᠳᠤᠰᠤᠯ ᠴᠤ᠌ ᠭᠡᠰᠡᠨ ᠨᠡᠮᠡᠷᠢᠯᠡᠬᠦ ᠭᠡᠵᠦ
ᠪᠦᠰᠡᠭᠦᠢ ᠬᠥᠮᠦᠨ ᠰᠢᠯᠦᠭ ᠪᠢᠴᠢᠳᠡᠭ ᠦ᠋ᠨ ᠤᠴᠢᠷ ᠡᠨᠡ ᠠ᠋!
ᠢᠷᠡᠯᠲᠡ᠄ ᠪᠠᠶᠠᠨᠨᠠᠭᠤᠷ ᠬᠠᠮ ᠵᠠᠭᠤᠴᠢᠯᠠᠭᠤᠷ ᠡᠴᠡ ᠰᠣᠩᠭᠣᠪᠠ᠃
(ᠥᠪᠥᠷ ᠮᠣᠩᠭᠣᠯ ᠤ᠋ᠨ ᠰᠢᠯᠢ ᠶ᠋ᠢᠨ ᠭᠣᠣᠯ ᠠᠢᠮᠠᠭ ᠤ᠋ᠨ ᠠᠪᠠᠭ᠎ᠠ ᠬᠤᠰᠢᠭᠤᠨ ᠤ᠋ ᠨᠠᠷᠠᠨᠪᠣᠯᠠᠭ ᠰᠤᠮᠤ ᠶ᠋ᠢᠨ ᠬᠥᠮᠦᠨ)
2025 ᠣᠨ ᠤ᠋3 ᠰᠠᠷ᠎ᠠ ᠶ᠋ᠢᠨ8 ᠤ᠋ ᠡᠮᠡᠭᠲᠡᠢᠴᠦᠳ ᠦ᠋ᠨ ᠪᠠᠶᠠᠷ ᠤ᠋ᠨ ᠡᠳᠦᠷ ᠲᠦ᠍ ᠵᠣᠷᠢᠭᠤᠯᠪᠠ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠭᠴᠢ᠄ ᠢᠷᠡᠭᠡᠳᠦᠢ