ᠪᠠᠢᠵᠤ᠁ - ᠪᠠᠪᠤᠤ ᠶ᠋ᠢᠨ ᡀᠬᠠᠪᠠᠰᠥ᠋ᠷᠦᠩ Байж ᠁ – Бавуугийн Лхагвасүрэн
ᠪᠠᠢᠵᠤ᠁
ᠦᠭᠡ ᠪᠡᠨ ᠪᠠᠷᠠᠭᠰᠠᠨ ᠬᠡᠦᠬᠡᠨ᠂ ᠨᠢᠳᠦ ᠪᠡᠷ ᠢ᠋ᠶ᠋ᠡᠨ ᠬᠡᠯᠡᠭᠰᠡᠨ᠁
ᠦᠢᠮᠡᠵᠦ ᠶᠠᠪᠤᠭᠰᠠᠨ ᠶᠠᠪᠤᠳᠠᠯ ᠵᠠᠩ ᠠ᠋ᠴᠠ ᠪᠠᠨ ᠤᠢᠳᠤᠭᠠᠳ
ᠦᠵᠡᠭᠡ ᠦᠭᠡᠢ ᠶᠠᠭᠤᠮ᠎ᠠ ᠪᠠᠨ ᠡᠷᠢᠵᠦ ᠪᠠᠢᠭ᠎ᠠ ᠨᠢ ᠲᠡᠷᠡ ᠪᠠᠢᠬ᠎ᠠ᠁
ᠰᠣᠨᠢᠷᠬᠠᠯ ᠳᠠᠭᠠᠵᠢᠩ ᠤ᠋ᠨ ᠬᠥᠯ ᠳ᠋ᠦ᠍ ᠦᠷᠡᠭᠳᠡᠨ
ᠰᠠᠭᠭᠠᠵᠤ ᠶᠠᠪᠤᠭᠰᠠᠨ ᠳ᠋ᠠᠭᠠᠨ ᠭᠡᠮᠰᠢᠵᠦ ᠪᠠᠢᠭ᠎ᠠ ᠨᠢ ᠡᠨᠡ ᠪᠠᠢᠬ᠎ᠠ᠁
ᠵᠠᠯᠬᠠᠭᠰᠠᠨ ᠬᠠᠢᠷ᠎ᠠ᠂ ᠦᠩᠭᠡᠭᠳᠡᠭᠰᠡᠨ ᠪᠡᠶ᠎ᠡ ᠬᠣᠶᠠᠷ
ᠽᠠᠮᠪᠤᠯᠢᠩ ᠠ᠋ᠴᠠ ᠣᠯᠬᠤ ᠦᠭᠡᠢ ᠶᠠᠭᠤᠮ᠎ᠠ ᠪᠠᠨ ᠡᠷᠢᠵᠦ ᠪᠠᠢᠭ᠎ᠠ ᠨᠢ ᠲᠡᠷᠡ ᠪᠠᠢᠬ᠎ᠠ᠁
ᠶᠡᠬᠡ ᠰᠠᠢᠬᠠᠨ ᠴᠡᠴᠡᠭ ᠢᠳᠡ ᠳᠡᠯᠭᠡᠷᠡᠵᠦ ᠪᠠᠢᠬᠤ ᠳ᠋ᠠᠭᠠᠨ
ᠡᠷᠪᠡᠬᠡᠢ ᠰᠢᠪᠠᠭᠠᠳ ᠪᠠᠢᠬᠤ ᠶ᠋ᠢ ᠦᠨᠦᠰᠴᠦ ᠪᠠᠢᠨ᠎ᠠ ᠭᠡᠵᠦ ᠡᠨᠳᠡᠭᠦᠷᠡᠭᠰᠡᠨ ᠪᠠᠢᠬ᠎ᠠ᠁
ᠥᠩᠭᠡ᠂ ᠪᠠᠯ ᠬᠣᠶᠠᠷ ᠢ᠋ ᠨᠢ ᠰᠢᠮᠡᠵᠦ ᠠᠪᠴᠢᠬᠠᠭᠠᠳ
ᠥᠭᠡᠷ᠎ᠡ ᠴᠡᠴᠡᠭ ᠤᠷᠤᠭᠤ ᠨᠢᠰᠳᠡᠭ ᠢ᠋ ᠨᠢ ᠮᠡᠳᠡᠳᠡᠭ ᠦᠭᠡᠢ ᠪᠠᠢᠬ᠎ᠠ᠁
2009 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ