1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 27 Нэгэн ном тавцан үн өдөр үн тэмдэглэлээс – 27

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 27 Нэгэн ном тавцан үн өдөр үн тэмдэглэлээс – 27

2025-03-12

172


       ᠨᠢᠭᠡ ᠬᠥᠮᠦᠨ ᠢᠮᠠᠭ᠎ᠠ ᠪᠣᠯᠤᠨ ᠡᠯᠵᠢᠭᠡ ᠲᠡᠵᠢᠭᠡᠭᠰᠡᠨ ᠶᠦᠮ ᠭᠡᠨ᠎ᠡ᠃ ᠡᠯᠵᠢᠭᠡ ᠨᠢ ᠠᠵᠢᠯ ᠢᠯᠡᠭᠦᠦ ᠬᠢᠳᠡᠭ ᠤᠴᠢᠷ ᠠ᠋ᠴᠠ ᠡᠵᠡᠨ ᠨᠢ ᠦᠷᠭᠦᠯᠵᠢ ᠡᠯᠵᠢᠭᠡᠨ ᠳ᠋ᠦ᠍ ᠪᠡᠨ ᠣᠯᠠᠨ ᠪᠣᠷᠳᠣᠭ᠎ᠠ ᠥᠭᠴᠦ ᠠᠷᠠᠴᠢᠯᠠᠵᠤ ᠲᠡᠵᠢᠭᠡᠳᠡᠭ ᠶᠦᠮ ᠪᠠᠢᠨ᠎ᠠ᠃ ᠢᠮᠠᠭ᠎ᠠ ᠨᠢ ᠡᠨᠡᠬᠦ ᠪᠠᠢᠳᠠᠯ ᠢ᠋ ᠦᠵᠡᠭᠡᠳ ᠶᠡᠬᠡ ᠠᠲᠠᠭ᠎ᠠ ᠨᠢ ᠬᠥᠳᠡᠯᠵᠦ ᠡᠯᠵᠢᠭᠡᠨ ᠳ᠋ᠦ᠍ ᠣᠴᠢᠭᠠᠳ ᠬᠡᠯᠡᠵᠡᠢ᠄《ᠴᠢ ᠡᠳᠦᠷᠵᠢᠨ ᠢᠩᠭᠢᠭᠡᠳ ᠶᠠᠳᠠᠷᠠᠵᠤ ᠵᠦᠳᠡᠷᠡᠭᠡᠳ ᠶᠠᠭᠤ ᠪᠠᠨ ᠬᠢᠬᠦ ᠪᠣᠢ? ᠡᠪᠡᠳᠴᠢᠯᠡᠭᠰᠡᠨ ᠢ᠋ᠶ᠋ᠡᠷ ᠣᠪᠯᠠᠭᠠᠳ ᠠᠮᠠᠷᠠᠴᠢᠬ᠎ᠠ!》 ᠭᠡᠵᠡᠢ᠃ ᠦᠨᠡᠬᠡᠷ ᠡᠯᠵᠢᠭᠡ ᠢᠮᠠᠭ᠎ᠠ ᠶ᠋ᠢᠨ ᠦᠭᠡ ᠪᠡᠷ ᠣᠷᠣᠵᠤ ᠡᠪᠡᠳᠴᠢᠯᠡᠭᠰᠡᠨ ᠢ᠋ᠶ᠋ᠡᠷ ᠣᠪᠯᠠᠵᠤ ᠬᠡᠪᠲᠡᠵᠦ ᠪᠠᠢᠬᠤ ᠳ᠋ᠤ᠌ ᠮᠠᠯ ᠤ᠋ᠨ ᠡᠮᠴᠢ ᠢᠷᠡᠭᠡᠳ᠄《ᠴᠢᠨᠦ ᠡᠨᠡ ᠡᠯᠵᠢᠭᠡ ᠶᠠᠭᠠᠬᠢᠭᠰᠠᠨ ᠴᠤ᠌ ᠦᠭᠡᠢ᠂ ᠢᠮᠠᠭᠠᠨ ᠮᠢᠬᠠᠨ ᠱᠥᠯᠥ ᠤᠤᠭᠤᠯᠭᠠᠪᠠᠯ ᠵᠦᠭᠡᠷ ᠪᠣᠯᠴᠢᠬᠠᠬᠤ ᠶᠤᠮ》 ᠭᠡᠰᠡᠨ ᠳ᠋ᠦ᠍ ᠡᠵᠡᠨ ᠨᠢ ᠢᠮᠠᠭ᠎ᠠ ᠪᠠᠨ ᠠᠯᠠᠵᠤ ᠡᠯᠵᠢᠭᠡ ᠪᠡᠨ《ᠵᠠᠰᠠᠭᠰᠠᠨ》 ᠭᠡᠨ᠎ᠡ᠃  
       ᠠᠮᠢᠳᠤᠷᠠᠯ ᠭᠡᠵᠦ ᠶᠠᠭ ᠡᠢᠮᠦ ᠪᠠᠢᠳᠠᠭ᠃ ᠪᠢᠳᠡ ᠠᠮᠢᠳᠤᠷᠠᠯ ᠳᠤᠮᠳᠠ ᠮᠠᠰᠢ ᠣᠯᠠᠨ ᠬᠥᠮᠦᠨ ᠳ᠋ᠦ᠍ ᠠᠲᠠᠭ᠎ᠠ ᠬᠥᠳᠡᠯᠳᠡᠭ᠃ ᠴᠥᠭᠡᠨ ᠲᠣᠭᠠᠨ ᠤ᠋ ᠬᠥᠮᠦᠰ ᠡᠢᠮᠦ ᠪᠠᠢᠳᠠᠭ ᠤᠤ? ᠡᠰᠡᠬᠦᠯ᠎ᠡ ᠬᠥᠮᠦᠨ ᠲᠥᠷᠥᠯᠬᠢᠲᠡᠨ ᠪᠦᠬᠦᠨ ᠢ᠋ᠶ᠋ᠡᠷ ᠢ᠋ᠶ᠋ᠡᠨ ᠡᠢᠮᠦ ᠪᠠᠢᠳᠠᠭ ᠤᠤ?  
       ᠪᠢᠳᠡ ᠶᠡᠷᠦ ᠥᠭᠡᠳᠡᠷᠬᠡᠭ ᠶᠠᠪᠤᠭᠰᠠᠨ ᠬᠥᠮᠦᠨ ᠢ᠋ ᠲᠠᠩᠳᠠ ᠪᠤᠷᠤᠭᠤ ᠨᠢᠳᠦ ᠪᠡᠷ ᠬᠠᠷᠠᠵᠤ ᠪᠠᠢᠳᠠᠭ᠃ ᠪᠤᠰᠤᠳ ᠢ᠋ ᠪᠤᠷᠤᠭᠤ ᠪᠠᠷ ᠬᠠᠷᠠᠭᠰᠠᠨ ᠨᠢᠳᠦ ᠪᠢᠳᠡᠨ ᠦ᠌ ᠠᠮᠢᠳᠤᠷᠠᠯ ᠳ᠋ᠤ᠌ ᠵᠣᠪᠠᠯᠠᠩ ᠠᠪᠴᠢᠷᠠᠳᠠᠭ ᠭᠡᠳᠡᠭ ᠢ᠋ ᠪᠢᠳᠡ ᠥᠪᠡᠷ ᠢ᠋ᠶ᠋ᠡᠨ ᠣᠯᠵᠤ ᠮᠡᠳᠡᠬᠦ ᠦᠭᠡᠢ ᠪᠠᠢᠳᠠᠭ᠃ ᠠᠲᠠᠭ᠎ᠠ ᠰᠡᠳᠬᠢᠯ ᠪᠣᠯ ᠬᠥᠮᠦᠨ ᠦ᠌ ᠠᠮᠢᠳᠤᠷᠠᠯ ᠢ᠋ ᠤᠯᠠᠮ ᠤᠷᠤᠭᠤ ᠲᠠᠲᠠᠵᠤ ᠲᠡᠮᠡᠴᠡᠬᠦ ᠵᠣᠷᠢᠯᠲᠠ ᠶ᠋ᠢ ᠦᠭᠡᠢ ᠪᠣᠯᠭᠠᠳᠠᠭ᠃ ᠬᠠᠷᠢᠨ ᠪᠤᠰᠤᠳ ᠠ᠋ᠴᠠ ᠰᠤᠷᠤᠯᠴᠠᠬᠤ᠂ ᠥᠷᠢᠰᠦᠯᠳᠦᠭᠡᠨ ᠳ᠋ᠦ᠍ ᠢᠳᠡᠪᠬᠢᠲᠡᠢ ᠣᠷᠣᠯᠴᠠᠬᠤ ᠨᠢ ᠬᠥᠮᠦᠨ ᠢ᠋ ᠨᠡᠩ ᠢᠯᠡᠭᠦᠦ ᠥᠭᠡᠳᠡ ᠲᠠᠲᠠᠳᠠᠭ ᠭᠡᠵᠦ ᠪᠢ ᠪᠣᠳᠣᠳᠠᠭ᠃ 

        ᠦᠰᠦᠭ ᠠᠮᠢᠯᠠᠭᠤᠯᠤᠭᠴᠢ᠄ ᠡᠩᠬᠡᠪᠠᠲᠤ  
           ᠦᠰᠦᠭ ᠬᠢᠨᠠᠭᠴᠢ᠄ ᠪᠠᠶᠠᠷᠴᠡᠴᠡᠭ