ᠰᠢᠳᠢᠲᠦ ᠮᠡᠷᠭᠡᠨ ᠰᠢᠪᠠᠭᠤШидэт мэргэн шувуу ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠳᠢᠲᠦ ᠮᠡᠷᠭᠡᠨ ᠰᠢᠪᠠᠭᠤШидэт мэргэн шувуу

ᠰᠢᠳᠢᠲᠦ ᠮᠡᠷᠭᠡᠨ ᠰᠢᠪᠠᠭᠤШидэт мэргэн шувуу

ᠠᠩᠭᠢᠯᠠᠯ:ᠳᠣᠮᠣᠭ ᠦᠯᠢᠭᠡᠷ
2025-03-12

759

ᠰᠢᠳᠢᠲᠦ ᠮᠡᠷᠭᠡᠨ ᠰᠢᠪᠠᠭᠤ

    ᠡᠷᠲᠡ ᠤᠷᠢᠳᠤ ᠨᠢᠭᠡᠨ ᠴᠠᠭ ᠲᠤ᠌᠂ ᠠᠷᠤ ᠬᠠᠩᠭᠠᠢ ᠠᠭᠤᠯᠠᠨ ᠳ᠋ᠤ᠌᠂ ᠰᠣᠳᠣ ᠰᠡᠴᠡᠨ ᠪᠥᠭᠡᠳ ᠬᠥᠮᠦᠨ ᠦ᠌ ᠦᠭᠡ ᠶᠠᠷᠢᠵᠤ ᠴᠢᠳᠠᠳᠠᠭ ᠰᠢᠳᠢᠲᠦ ᠮᠡᠷᠭᠡᠨ ᠰᠢᠪᠠᠭᠤ ᠭᠡᠵᠦ ᠪᠠᠢᠭᠰᠠᠨ ᠭᠡᠨ᠎ᠡ᠃ 
ᠴᠢᠩᠭᠢᠭᠡᠳ ᠲᠡᠭᠦᠨ ᠢ᠋ ᠬᠡᠳᠦᠢ ᠣᠯᠠᠨ ᠤᠯᠤᠰ ᠤ᠋ᠨ ᠬᠠᠭᠠᠨ ᠡᠵᠡᠨ ᠪᠠ ᠵᠣᠭᠣᠰᠳᠠᠨ ᠨᠤᠭᠤᠳ ᠬᠥᠮᠦᠨ ᠵᠠᠷᠤᠵᠤ ᠶᠠᠪᠤᠭᠤᠯᠬᠤ ᠪᠤᠶᠤ ᠥᠪᠡᠷ ᠦ᠋ᠨ ᠪᠡᠶ᠎ᠡ ᠪᠡᠷ ᠢ᠋ᠶ᠋ᠡᠨ ᠴᠦ᠍ ᠣᠴᠢᠵᠤ ᠦᠵᠡᠭᠰᠡᠨ ᠪᠣᠯᠪᠠᠴᠤ ᠣᠯᠵᠤ ᠢᠷᠡᠭᠰᠡᠨ ᠬᠥᠮᠦᠨ ᠨᠢᠭᠡ ᠴᠦ᠍ ᠭᠠᠷᠤᠭᠰᠠᠨ ᠦᠭᠡᠢ᠃ ᠭᠡᠪᠡᠴᠦ ᠰᠢᠳᠢᠲᠦ ᠮᠡᠷᠭᠡᠨ ᠰᠢᠪᠠᠭᠤ᠂ ᠬᠠᠮᠢᠭ᠎ᠠ ᠴᠤ᠌ ᠶᠠᠪᠤᠭᠰᠠᠨ ᠦᠭᠡᠢ᠃ ᠮᠥᠨ ᠯᠡ ᠲᠦᠮᠡᠨ ᠵᠢᠯ ᠦ᠋ᠨ ᠨᠠᠢᠭᠤᠭᠰᠠᠨ ᠰᠠᠢᠬᠠᠨ ᠨᠠᠮᠠᠭᠠᠲᠠᠢ ᠨᠠᠷᠠᠰᠤᠨ ᠮᠣᠳᠣᠨ ᠳᠡᠭᠡᠷ᠎ᠡ ᠪᠡᠨ ᠰᠠᠭᠤᠵᠤ᠂ ᠭᠠᠩᠬᠤᠭᠰᠠᠨ ᠰᠠᠢᠬᠠᠨ ᠨᠠᠮᠠᠭᠠᠨ ᠳᠣᠲᠣᠷ᠎ᠠ ᠨᠢ ᠭᠠᠩᠭᠠᠩ ᠰᠠᠢᠬᠠᠨ ᠬᠣᠭᠣᠯᠠᠢ ᠪᠠᠷ ᠢ᠋ᠶ᠋ᠠᠨ ᠳᠠᠭᠤᠯᠠᠵᠤ ᠵᠢᠷᠭᠢᠨ ᠰᠠᠭᠤᠵᠤ ᠪᠠᠢᠳᠠᠭ ᠭᠡᠨ᠎ᠡ᠃
ᠴᠢᠩᠭᠢᠭᠡᠳ ᠰᠢᠳᠢᠲᠦ ᠮᠡᠷᠭᠡᠨ ᠰᠢᠪᠠᠭᠤ ᠶ᠋ᠢ ᠪᠠᠷᠢᠨ᠎ᠠ ᠭᠡᠵᠦ ᠶᠠᠪᠤᠭᠰᠠᠭᠠᠷ ᠶᠠᠪᠤᠭᠰᠠᠭᠠᠷ ᠪᠠᠢᠭᠠᠳ ᠴᠢᠭᠡᠭᠡ ᠵᠣᠪᠠ ᠵᠠᠮ ᠭᠠᠷᠭᠠᠭᠰᠠᠨ ᠭᠡᠨ᠎ᠡ᠃
ᠡᠨᠡ ᠰᠢᠳᠢᠲᠦ ᠮᠡᠷᠭᠡᠨ ᠰᠢᠪᠠᠭᠤ ᠶ᠋ᠢ ᠵᠡᠭᠦᠨ ᠳ᠋ᠠᠬᠢᠨ ᠢ᠋ ᠡᠵᠡᠯᠡᠭᠰᠡᠨ ᠢᠷᠲᠡᠭᠡᠷ ᠬᠠᠭᠠᠨ ᠰᠣᠨᠣᠰᠴᠤ᠂ ᠡᠨᠡ ᠶᠠᠭᠠᠬᠢᠭᠰᠠᠨ ᠬᠡᠴᠡᠭᠦᠦ ᠠᠮᠢᠲᠠᠨ ᠪᠣᠢ᠂ ᠬᠡᠨ ᠣᠴᠢᠪᠠᠴᠤ ᠬᠠᠭᠤᠷᠲᠠᠭᠳᠠᠨ ᠬᠠᠷᠢᠳᠠᠭ ᠭᠡᠨ᠎ᠡ᠃ ᠪᠢ ᠣᠴᠢᠪᠠᠯ ᠶᠠᠭᠠᠬᠢᠭᠰᠠᠨ ᠴᠤ᠌ ᠠᠪᠴᠢᠷᠠᠵᠤ ᠴᠢᠳᠠᠨ᠎ᠠ ᠭᠡᠳ ᠮᠣᠷᠳᠠᠨ ᠶᠠᠪᠤᠵᠤ ᠭᠡᠨ᠎ᠡ᠃
ᠢᠷᠳᠡᠭᠡᠷ ᠬᠠᠭᠠᠨ ᠠᠷᠤ ᠬᠠᠩᠭᠠᠢ ᠳ᠋ᠤ᠌ ᠭᠠᠷᠴᠤ᠂ ᠲᠦᠮᠡᠨ ᠵᠢᠯ ᠦ᠋ᠨ ᠨᠠᠢᠭᠤᠭᠰᠠᠨ ᠰᠠᠢᠬᠠᠨ ᠨᠠᠮᠠᠭᠠᠲᠠᠢ ᠨᠠᠷᠠᠰᠤᠨ ᠮᠣᠳᠣᠨ ᠳᠣᠣᠷ᠎ᠠ ᠬᠦᠷᠦᠭᠰᠡᠨ ᠳ᠋ᠦ᠍᠂ ᠥᠨᠥ ᠰᠢᠳᠢᠲᠦ ᠮᠡᠷᠭᠡᠨ ᠰᠢᠪᠠᠭᠤ ᠳᠤᠲᠠᠭᠠᠬᠤ ᠦᠭᠡᠢ᠂ ᠦᠷᠭᠦᠬᠦ ᠦᠭᠡᠢ ᠨᠣᠮᠣᠬᠠᠨ ᠰᠢᠳᠤᠷᠭᠤ ᠪᠠᠷᠢᠭᠳᠠᠭᠰᠠᠨ ᠳ᠋ᠤ᠌ ᠢᠷᠳᠡᠭᠡᠷ ᠬᠠᠭᠠᠨ ᠶᠡᠬᠡ ᠪᠠᠶᠠᠷᠯᠠᠵᠤ᠂ ᠴᠢᠭᠡᠭᠡ ᠵᠣᠪᠠ ᠵᠠᠮ ᠢ᠋ᠶ᠋ᠠᠷ ᠨᠢ ᠪᠤᠴᠠᠵᠤ ᠶᠠᠪᠤᠬᠤ ᠳ᠋ᠤᠨᠢ᠂ ᠰᠢᠳᠢᠲᠦ ᠮᠡᠷᠭᠡᠨ ᠰᠢᠪᠠᠭᠤ ᠬᠡᠯᠡᠭᠰᠡᠨ ᠨᠢ᠄《ᠡᠷᠭᠢᠨ ᠬᠠᠭᠠᠨ ᠨᠠᠮᠠᠶ᠋ᠢ ᠪᠠᠷᠢᠬᠤ ᠳ᠋ᠤ᠌ ᠪᠡᠷᠬᠡ ᠲᠡᠢ ᠪᠢᠰᠢ᠂ ᠭᠠᠭᠴᠠᠬᠦ ᠲᠠ ᠨᠠᠮᠠᠶ᠋ᠢ ᠠᠪᠴᠤ ᠶᠠᠪᠤᠬᠤ ᠦᠶ᠎ᠡ ᠳ᠋ᠡᠭᠡᠨ ᠭᠡᠮᠰᠢᠵᠦ ᠪᠣᠯᠬᠤ ᠦᠭᠡᠢ ᠪᠥᠭᠡᠳ ᠶᠠᠭᠤ ᠴᠤ᠌ ᠳᠤᠤᠭᠠᠷᠬᠤ ᠦᠭᠡᠢ ᠳᠤᠭᠤᠢ ᠶᠠᠪᠤᠵᠤ ᠪᠠᠰᠠ ᠪᠣᠯᠬᠤ ᠦᠭᠡᠢ᠃ ᠦᠭᠡᠢ ᠪᠣᠯ ᠪᠢ ᠨᠢᠳᠦ ᠢᠷᠮᠡᠬᠦ ᠶ᠋ᠢᠨ ᠬᠣᠭᠣᠷᠣᠨᠳᠣ ᠨᠢᠰᠴᠦ ᠳᠤᠲᠠᠭᠠᠨ᠎ᠠ᠃ ᠡᠢᠮᠦ ᠪᠣᠯᠬᠣᠷ ᠶᠠᠭᠤ ᠴᠤ᠌ ᠪᠣᠯᠪᠠ᠂ ᠪᠢᠳᠡ ᠬᠣᠶᠠᠭᠤᠯᠠ ᠶ᠋ᠢᠨ ᠨᠢᠭᠡ ᠨᠢ ᠵᠠᠪᠠᠯ ᠦᠭᠡ ᠶᠠᠷᠢᠵᠤ ᠶᠠᠪᠤᠬᠤ ᠬᠡᠷᠡᠭᠲᠡᠢ》 ᠭᠡᠵᠦ ᠬᠡᠯᠡᠭᠰᠡᠨ ᠳ᠋ᠦ᠍᠂ ᠢᠷᠲᠡᠭᠡᠷ ᠬᠠᠭᠠᠨ᠄ ᠵᠧ! ᠲᠡᠭᠡᠪᠡᠯ ᠴᠢ ᠨᠢᠭᠡ ᠦᠭᠡ ᠶᠠᠷᠢᠵᠤ ᠶᠠᠪᠤᠭᠠᠷᠠᠢ!》 ᠭᠡᠵᠦ ᠬᠡᠯᠡᠭᠰᠡᠨ ᠳ᠋ᠦ᠍ ᠰᠢᠳᠢᠲᠦ ᠮᠡᠷᠭᠡᠨ ᠰᠢᠪᠠᠭᠤ᠄《ᠵᠧ! ᠴᠢᠩᠭᠢᠪᠡᠯ ᠡᠵᠡᠨ ᠴᠢᠮ᠎ᠠ ᠳ᠋ᠤ᠌ ᠨᠢᠭᠡᠨ ᠦᠯᠢᠭᠡᠷ ᠬᠡᠯᠡᠵᠦ ᠥᠭᠭᠦᠶ᠎ᠡ》 ᠭᠡᠳ ᠦᠯᠢᠭᠡᠷ ᠢ᠋ᠶ᠋ᠡᠨ ᠬᠡᠯᠡᠭᠰᠡᠨ ᠨᠢ᠄
《ᠲᠡᠷᠡ ᠨᠢᠭᠡᠨ ᠭᠠᠵᠠᠷ ᠲᠤ᠌ ᠨᠢᠭᠡᠨ ᠰᠠᠢᠨ ᠠᠩᠴᠢᠨ᠂ ᠨᠢᠭᠡᠨ ᠰᠠᠢᠨ ᠨᠣᠬᠠᠢ ᠲᠠᠢ ᠪᠠᠢᠵᠤ ᠭᠡᠨ᠎ᠡ᠃ ᠴᠢᠩᠭᠢᠭᠡᠳ ᠨᠢᠭᠡᠨ ᠡᠳᠦᠷ ᠨᠣᠬᠠᠢ ᠪᠠᠨ ᠳᠠᠭᠠᠭᠤᠯᠵᠤ᠂ ᠠᠩ ᠬᠦᠷᠦᠭᠡ ᠬᠢᠬᠦ ᠪᠡᠷ ᠶᠠᠪᠤᠵᠤ ᠪᠠᠢᠭᠰᠠᠨ ᠳ᠋ᠤ᠌᠂ ᠠᠭᠤᠯᠠᠨ ᠤ᠋ ᠬᠠᠪᠴᠢᠯ ᠵᠠᠮ ᠳ᠋ᠤ᠌ ᠳᠦᠭᠦᠷᠡᠩ ᠮᠥᠩᠭᠥ ᠲᠡᠭᠡᠭᠡᠭᠰᠡᠨ ᠬᠠᠰᠠᠭ ᠲᠡᠷᠭᠡ ᠡᠪᠳᠡᠷᠡᠭᠡᠳ᠂ ᠡᠵᠡᠨ ᠨᠢ ᠠᠷᠭ᠎ᠠ ᠪᠠᠨ ᠪᠠᠷᠠᠵᠤ ᠰᠠᠭᠤᠵᠤ ᠪᠠᠢᠵᠠᠢ᠃ ᠡᠭᠦᠨ ᠲᠡᠢ ᠠᠩᠴᠢᠨ ᠠᠭᠤᠯᠵᠠᠵᠤ᠂ ᠠᠮᠤᠷ ᠰᠠᠢᠨ ᠢ᠋ᠶ᠋ᠠᠨ ᠮᠡᠳᠡᠯᠴᠡᠨ᠂ ᠴᠣᠭ ᠭᠠᠵᠠᠷ ᠰᠠᠭᠤᠵᠤ᠂ ᠲᠠᠮᠠᠬᠢ ᠲᠡᠳᠡᠨ ᠪᠠᠢᠬᠤ ᠳ᠋ᠤ᠌᠂ ᠲᠡᠷᠭᠡᠨ ᠦ᠌ ᠡᠵᠡᠨ ᠬᠡᠯᠡᠭᠰᠡᠨ ᠨᠢ᠄《ᠠᠩᠴᠢᠨ ᠠᠪᠤᠭᠠᠢ ᠪᠢ ᠡᠨᠡ ᠤᠷᠲᠤ ᠠᠢᠯ ᠳ᠋ᠤ᠌ ᠣᠴᠢᠵᠤ ᠲᠡᠷᠭᠡᠨ ᠦ᠌ ᠳᠠᠷᠬᠠᠨ ᠳᠠᠭᠤᠳᠠᠵᠤ ᠢᠷᠡᠶ᠎ᠡ᠃ ᠴᠢ ᠡᠨᠡ ᠰᠠᠢᠨ ᠨᠣᠬᠠᠢ ᠲᠠᠢ ᠪᠠᠨ ᠡᠨᠳᠡ ᠰᠠᠭᠤᠵᠤ ᠲᠡᠷᠭᠡ ᠶ᠋ᠢ ᠮᠢᠨᠢ ᠬᠠᠷᠠᠵᠤ ᠪᠠᠢ!》 ᠭᠡᠰᠡᠨ ᠳ᠋ᠦ᠍᠂ ᠠᠩᠴᠢᠨ ᠬᠥᠮᠦᠨ᠄ 《ᠵᠧ! ᠲᠡᠭᠡᠶ᠎ᠡ ᠭᠡᠵᠦ ᠲᠡᠷᠭᠡ ᠶ᠋ᠢ ᠨᠢ ᠰᠠᠬᠢᠵᠤ ᠰᠠᠭᠤᠭᠰᠠᠨ ᠳ᠋ᠤ᠌ ᠲᠡᠷᠭᠡᠨ ᠦ᠌ ᠡᠵᠡᠨ ᠶᠡᠬᠡ ᠪᠠᠶᠠᠷᠯᠠᠵᠤ ᠠᠭᠤᠯᠠ ᠶ᠋ᠢ ᠳᠠᠪᠠᠵᠤ ᠶᠠᠪᠤᠪᠠ ᠭᠡᠨ᠎ᠡ᠃
ᠴᠢᠩᠭᠢᠭᠡᠳ ᠠᠩᠴᠢᠨ ᠣᠷᠣᠢ ᠪᠣᠯᠲᠠᠯ᠎ᠠ ᠬᠦᠯᠢᠶᠡᠭᠡᠳ᠂ ᠲᠡᠷᠭᠡᠨ ᠦ᠌ ᠡᠵᠡᠨ ᠬᠠᠷᠢᠵᠤ ᠢᠷᠡᠬᠦ ᠦᠭᠡᠢ ᠳ᠋ᠦ᠍᠂ ᠳᠣᠲᠣᠷ᠎ᠠ ᠪᠠᠨ ᠪᠣᠳᠣᠭᠰᠠᠨ ᠨᠢ᠄ ᠬᠥᠭᠰᠢᠨ ᠡᠵᠢ ᠮᠢᠨᠢ ᠨᠢᠳᠦ ᠮᠠᠭᠤ᠃ ᠡᠷᠲᠡ ᠡᠴᠡ ᠣᠷᠣᠢ ᠪᠣᠯᠲᠠᠯ᠎ᠠ ᠬᠣᠭᠣᠯᠠ ᠣᠯᠵᠤ ᠢᠳᠡᠭᠡ ᠦᠭᠡᠢ ᠰᠠᠭᠤᠵᠤ ᠪᠠᠢᠭ᠎ᠠ ᠪᠠᠢᠬᠤ ᠭᠡᠳ᠂ ᠨᠣᠬᠠᠢ ᠳ᠋ᠤ᠌ ᠪᠠᠨ ᠬᠡᠯᠡᠭᠰᠡᠨ ᠨᠢ᠄《ᠴᠢ ᠡᠨᠡ ᠲᠡᠷᠭᠡ ᠶ᠋ᠢᠨ ᠡᠵᠡᠨ ᠢ᠋ ᠢᠷᠡᠲᠡᠯ᠎ᠡ᠂ ᠡᠨᠳᠡ ᠰᠠᠬᠢᠵᠤ ᠪᠠᠢ! ᠬᠤᠯᠠᠭᠠᠢᠴᠢ ᠳ᠋ᠤ᠌ ᠪᠢᠲᠡᠭᠡᠢ ᠬᠣᠯᠭᠣᠭᠳᠠᠭᠲᠤᠨ! ᠪᠢ ᠬᠠᠷᠢᠵᠤ᠂ ᠡᠵᠢ ᠳ᠋ᠡᠭᠡᠨ ᠬᠣᠭᠣᠯᠠ ᠬᠢᠵᠦ ᠥᠭᠭᠦᠶ᠎ᠡ》 ᠭᠡᠳ ᠪᠤᠴᠠᠵᠤ ᠶᠠᠪᠤᠪᠠ ᠭᠡᠨ᠎ᠡ᠃
ᠴᠢᠩᠭᠢᠭᠡᠳ ᠨᠣᠬᠠᠢ ᠨᠢ ᠦᠨᠡᠨ ᠰᠢᠳᠤᠷᠭᠤ ᠪᠠᠷ ᠡᠵᠡᠨ ᠦ᠌ ᠪᠡᠨ ᠬᠡᠯᠡᠭᠰᠡᠨ ᠦᠭᠡ ᠶ᠋ᠢ ᠳᠠᠭᠠᠵᠤ᠂ ᠲᠡᠷᠭᠡᠨ ᠦ᠌ ᠦᠬᠡᠷ ᠢ᠋ ᠬᠣᠯᠠᠳᠠᠭᠤᠯᠬᠤ ᠦᠭᠡᠢ᠂ ᠡᠷᠭᠢᠨ ᠲᠣᠭᠣᠷᠢᠨ ᠶᠠᠪᠤᠵᠤ ᠦᠨᠡᠬᠡᠷ ᠨᠢᠭᠡᠨ ᠰᠠᠢᠨ ᠬᠠᠷᠠᠭᠤᠯ ᠰᠢᠭ᠋ ᠲᠡᠷᠭᠡᠨ ᠦ᠌ ᠳᠡᠷᠭᠡᠳᠡ ᠪᠠᠢᠵᠤ ᠰᠥᠨᠢ ᠣᠷᠣᠢ ᠪᠣᠯᠤᠭᠰᠠᠨ ᠳ᠋ᠤ᠌ ᠥᠨᠥ ᠲᠡᠷᠭᠡᠨ ᠦ᠌ ᠡᠵᠡᠨ ᠨᠢ ᠬᠡᠴᠢᠨᠡᠨ ᠠᠢᠯ ᠢ᠋ ᠬᠡᠰᠦᠵᠦ ᠳᠥᠩᠭᠡᠵᠢ ᠨᠢᠭᠡ ᠲᠡᠷᠭᠡᠨ ᠦ᠌ ᠳᠠᠷᠬᠠᠨ ᠣᠯᠵᠤ ᠬᠠᠷᠢᠵᠤ ᠢᠷᠡᠭᠡᠳ ᠦᠵᠡᠭᠰᠡᠨ ᠳ᠋ᠦ᠍ ᠠᠩᠴᠢᠨ ᠬᠥᠮᠦᠨ ᠪᠠᠢᠬᠤ ᠦᠭᠡᠢ ᠪᠣᠯᠵᠤ᠂ ᠭᠠᠭᠴᠠ ᠨᠣᠬᠠᠢ ᠨᠢ ᠰᠢᠳᠤᠷᠭᠤ ᠪᠠᠲᠤ ᠪᠠᠨ ᠰᠠᠬᠢᠵᠤ ᠲᠡᠷᠭᠡ ᠶ᠋ᠢ ᠨᠢ ᠬᠠᠮᠠᠭᠠᠯᠠᠵᠤ ᠪᠠᠢᠵᠠᠢ᠃ ᠲᠡᠷᠭᠡᠨ ᠦ᠌ ᠡᠵᠡᠨ ᠡᠭᠦᠨ ᠢ᠋ ᠦᠵᠡᠭᠡᠳ ᠦᠨᠡᠬᠡᠷ ᠰᠠᠢᠨ ᠨᠣᠬᠠᠢ ᠪᠠᠢᠨ᠎ᠠ ᠭᠡᠳ᠂ ᠲᠠᠯᠠᠷᠬᠠᠯ ᠤ᠋ᠨ ᠮᠥᠩᠭᠥ ᠭᠡᠵᠦ ᠨᠣᠬᠠᠢ ᠳ᠋ᠤ᠌ ᠨᠢᠭᠡᠨ ᠬᠡᠰᠡᠭ ᠮᠥᠩᠭᠥ ᠡᠮᠬᠦᠭᠦᠯᠵᠦ ᠬᠠᠷᠢᠭᠤᠯᠤᠭᠰᠠᠨ ᠳ᠋ᠤ᠌᠂ ᠡᠵᠡᠨ ᠨᠢ ᠡᠭᠦᠳᠡᠨ ᠳ᠋ᠡᠭᠡᠨ ᠵᠣᠭᠰᠣᠵᠤ ᠬᠦᠯᠢᠶᠡᠵᠦ ᠪᠠᠢᠭᠰᠠᠨ ᠲᠤᠯᠠ᠂ ᠳᠠᠷᠤᠢ ᠠᠭᠤᠯᠵᠠᠭᠠᠳ ᠡᠮᠬᠦᠭᠰᠡᠨ ᠮᠥᠩᠭᠥ ᠪᠡᠨ ᠭᠠᠵᠠᠷ ᠲᠠᠯᠪᠢᠭᠰᠠᠨ ᠳ᠋ᠤ᠌᠂ ᠠᠩᠴᠢᠨ ᠳᠣᠲᠣᠷ᠎ᠠ ᠪᠠᠨ ᠶᠡᠬᠡ ᠭᠣᠮᠣᠳᠠᠵᠤ ᠠᠭᠤᠷᠯᠠᠵᠤ᠄《ᠪᠢ ᠬᠠᠷᠢᠨ ᠬᠥᠮᠦᠨ ᠦ᠌ ᠡᠳ᠋ ᠢ᠋ ᠰᠠᠢᠬᠠᠨ ᠰᠠᠬᠢᠵᠤ ᠥᠭ! ᠭᠡᠰᠡᠨ ᠳ᠋ᠦ᠍ ᠡᠨᠡ ᠠᠮᠢᠲᠠᠨ ᠬᠠᠷᠢᠨ ᠬᠥᠮᠦᠨ ᠦ᠌ ᠮᠥᠩᠭᠥ ᠶ᠋ᠢ ᠬᠤᠯᠠᠭᠠᠢᠯᠠᠵᠤ ᠢᠷᠡᠪᠡ》 ᠭᠡᠳ ᠰᠢᠳᠡᠮ ᠠᠪᠴᠤ ᠨᠣᠬᠠᠢ ᠪᠠᠨ ᠴᠣᠬᠢᠨ ᠠᠯᠠᠴᠢᠪᠠ》 ᠭᠡᠰᠡᠨ ᠳ᠋ᠦ᠍
ᠢᠷᠲᠡᠭᠡᠷ ᠬᠠᠭᠠᠨ᠄ 《ᠢᠰᠢ! ᠶᠠᠮᠠᠷ ᠠᠯᠠᠮᠠᠷ ᠲᠠᠢ ᠬᠡᠷᠡᠭ ᠪᠣᠢ! ᠡᠢᠮᠦ ᠰᠠᠢᠨ ᠨᠣᠬᠠᠢ ᠶ᠋ᠢ ᠡᠨᠳᠡᠭᠦᠦ ᠠᠯᠠᠪᠠ》 ᠭᠡᠵᠦ ᠭᠡᠮᠰᠢᠭᠰᠡᠨ ᠳ᠋ᠦ᠍᠂ ᠰᠢᠳᠢᠲᠦ ᠮᠡᠷᠭᠡᠨ ᠰᠢᠪᠠᠭᠤ᠄ ᠵᠧ ᠴᠢ ᠭᠡᠮᠰᠢᠪᠡ ᠭᠡᠵᠦ ᠬᠡᠯᠡᠮᠡᠭᠴᠡ ᠪᠦᠷ ᠬᠢᠲᠡᠯ᠎ᠡ ᠨᠢᠰᠦᠭᠡᠳ ᠶᠠᠪᠤᠴᠢᠬᠠᠪᠠ᠃
ᠲᠡᠭᠡᠭᠡᠳ ᠢᠷᠳᠡᠭᠡᠷ ᠬᠠᠭᠠᠨ᠄《ᠠᠢ! ᠪᠢ ᠶᠠᠭᠤᠨ ᠳ᠋ᠤ᠌ ᠭᠡᠮᠰᠢᠵᠦ ᠪᠣᠯᠬᠤ ᠦᠭᠡᠢ ᠭᠡᠰᠡᠨ ᠰᠠᠬᠢᠯ ᠢ᠋ ᠠᠯᠳᠠᠪᠠ》 ᠭᠡᠵᠦ ᠪᠡᠶ᠎ᠡ ᠳ᠋ᠡᠭᠡᠨ ᠭᠣᠮᠣᠳᠠᠭᠠᠳ ᠳᠠᠬᠢᠨ ᠠᠷᠤ ᠬᠠᠩᠭᠠᠢ ᠳ᠋ᠤ᠌ ᠪᠤᠴᠠᠵᠤ ᠣᠴᠢᠭᠠᠳ᠂ ᠥᠨᠥ ᠰᠢᠳᠢᠲᠦ ᠮᠡᠷᠭᠡᠨ ᠰᠢᠪᠠᠭᠤ᠄《ᠵᠧ! ᠣᠳᠣ ᠪᠠᠰᠠ ᠨᠢᠭᠡᠨ ᠦᠯᠢᠭᠡᠷ ᠬᠡᠯᠡᠵᠦ ᠥᠭᠭᠦᠶ᠎ᠡ》 ᠭᠡᠳ ᠬᠡᠯᠡᠭᠰᠡᠨ ᠨᠢ᠄
《ᠲᠡᠷᠡ ᠨᠢᠭᠡᠨ ᠭᠠᠵᠠᠷ᠂ ᠨᠢᠭᠡᠨ ᠪᠦᠰᠡᠭᠦᠢ᠂ ᠨᠢᠭᠡᠨ ᠰᠠᠢᠨ ᠮᠤᠤᠷ ᠲᠠᠢ ᠪᠠᠢᠵᠤ ᠭᠡᠨ᠎ᠡ᠃ ᠴᠢᠩᠭᠢᠭᠡᠳ ᠨᠢᠭᠡᠨ ᠡᠳᠦᠷ᠂ ᠥᠨᠥ ᠪᠦᠰᠡᠭᠦᠢ ᠬᠤᠤᠳᠤᠭ ᠳᠡᠭᠡᠷ᠎ᠡ ᠣᠴᠢᠬᠤ ᠳ᠋ᠠᠭᠠᠨ ᠮᠤᠤᠷ ᠲᠠᠭᠠᠨ ᠵᠠᠬᠢᠭᠰᠠᠨ ᠨᠢ᠄《ᠴᠢ ᠥᠯᠥᠭᠡᠢ ᠲᠡᠢ ᠪᠢᠴᠢᠬᠠᠨ ᠬᠦᠦ ᠶ᠋ᠢ ᠮᠢᠨᠢ᠂ ᠰᠠᠢᠬᠠᠨ ᠬᠠᠷᠠᠵᠤ ᠪᠠᠢ!》 ᠭᠡᠳ ᠤᠰᠤᠨ ᠳ᠋ᠠᠭᠠᠨ ᠶᠠᠪᠤᠭᠰᠠᠨ ᠬᠣᠢᠨ᠎ᠠ᠂ ᠮᠤᠤᠷ ᠨᠢ ᠥᠯᠥᠭᠡᠢ ᠶ᠋ᠢᠨ ᠳᠡᠷᠭᠡᠳᠡ ᠬᠡᠪᠲᠡᠵᠦ ᠢᠯᠠᠭ᠎ᠠ ᠪᠠᠲᠠᠭᠠᠨ᠎ᠠ ᠶ᠋ᠢ ᠬᠥᠭᠡᠵᠦ ᠪᠠᠢᠭᠰᠠᠨ ᠳ᠋ᠤ᠌ ᠭᠡᠨᠡᠳᠲᠡ ᠡᠭᠦᠳᠡᠨ ᠦ᠌ ᠠᠷᠤ ᠠ᠋ᠴᠠ ᠨᠢᠭᠡᠨ ᠪᠦᠳᠦᠭᠦᠨ ᠬᠤᠯᠤᠭᠠᠨ᠎ᠠ ᠭᠠᠷᠴᠤ ᠢᠷᠡᠭᠡᠳ᠂ ᠪᠢᠴᠢᠬᠠᠨ ᠬᠦᠦ ᠶ᠋ᠢᠨ ᠴᠢᠬᠢ ᠶ᠋ᠢ ᠢᠳᠡᠬᠦ ᠪᠡᠷ ᠮᠢᠷᠠᠭᠰᠠᠨ ᠳ᠋ᠤ᠌ ᠮᠤᠤᠷ ᠶᠡᠬᠡ ᠠᠭᠤᠷᠯᠠᠵᠤ ᠬᠤᠯᠤᠭᠠᠨ᠎ᠠ ᠶ᠋ᠢ ᠬᠥᠭᠡᠭᠡᠵᠦ ᠭᠠᠳᠠᠭᠰᠢ ᠭᠠᠷᠤᠭᠰᠠᠨ ᠬᠣᠭᠣᠷᠣᠨᠳᠣ᠂ ᠪᠠᠰᠠ ᠨᠢᠭᠡ ᠪᠦᠳᠦᠭᠦᠨ ᠬᠤᠯᠤᠭᠠᠨ᠎ᠠ ᠭᠠᠷᠴᠤ ᠢᠷᠡᠭᠡᠳ᠂ ᠪᠢᠴᠢᠬᠠᠨ ᠬᠦᠦ ᠶ᠋ᠢᠨ ᠥᠷᠥᠭᠡᠰᠦᠨ ᠴᠢᠬᠢ ᠶ᠋ᠢ ᠨᠢ ᠲᠠᠰᠤ ᠬᠠᠵᠠᠵᠤ ᠠᠪᠤᠭᠰᠠᠨ ᠳ᠋ᠤ᠌᠂ ᠪᠢᠴᠢᠬᠠᠨ ᠬᠦᠦ ᠡᠪᠡᠳᠬᠦ ᠳ᠋ᠡᠭᠡᠨ ᠤᠬᠢᠯᠠᠵᠢ᠃ ᠬᠤᠯᠤᠭᠠᠨ᠎ᠠ ᠶ᠋ᠢ ᠬᠥᠭᠡᠭᠡᠵᠦ ᠪᠠᠢᠭᠰᠠᠨ ᠮᠤᠤᠷ ᠶᠡᠬᠡ ᠰᠣᠴᠢᠵᠤ ᠡᠷᠭᠢᠨ ᠣᠷᠣᠵᠤ ᠢᠷᠡᠭᠡᠳ᠂ ᠲᠡᠷᠡ ᠪᠦᠳᠦᠭᠦᠨ ᠬᠤᠯᠤᠭᠠᠨ᠎ᠠ ᠶ᠋ᠢ ᠡᠭᠦᠳᠡᠨ ᠦ᠌ ᠠᠷᠤ ᠳ᠋ᠤ᠌ ᠬᠠᠵᠠᠵᠤ ᠠᠯᠠᠭᠠᠳ᠂ ᠪᠢᠴᠢᠬᠠᠨ ᠬᠦᠦ ᠶ᠋ᠢᠨ ᠴᠢᠬᠢᠨ ᠦ᠌ ᠴᠢᠰᠤ ᠶ᠋ᠢ ᠨᠢ ᠲᠤᠯᠤᠭᠠᠳ ᠰᠠᠭᠠᠲᠠᠭᠤᠯᠵᠤ ᠪᠠᠢᠵᠠᠢ᠃ ᠥᠨᠥ ᠪᠦᠰᠡᠭᠦᠢ ᠣᠷᠣᠵᠤ ᠢᠷᠡᠵᠦ ᠦᠵᠡᠭᠡᠳ᠂ ᠮᠠᠰᠢ ᠶᠡᠬᠡ ᠠᠭᠤᠷᠯᠠᠭᠠᠳ᠄《ᠡᠨᠡ ᠮᠠᠭᠤ ᠮᠤᠤᠷ ᠬᠦᠦ ᠶ᠋ᠢ ᠮᠢᠨᠢ ᠰᠠᠬᠢᠵᠤ ᠪᠠᠢ! ᠭᠡᠰᠡᠨ ᠳ᠋ᠦ᠍ ᠬᠠᠷᠢᠨ ᠮᠠᠭᠤ ᠰᠡᠳᠬᠢᠯ ᠭᠠᠷᠭᠠᠵᠤ᠂ ᠬᠥᠪᠡᠭᠦᠨ ᠦ᠌ ᠮᠢᠨᠢ ᠴᠢᠬᠢ ᠶ᠋ᠢ ᠢᠳᠡᠪᠡ ᠭᠡᠵᠦ᠂ ᠴᠣᠬᠢᠨ ᠠᠯᠠᠭᠠᠳ ᠬᠣᠢᠰᠢ ᠬᠠᠷᠠᠵᠤ ᠦᠵᠡᠭᠰᠡᠨ ᠳ᠋ᠦ᠍᠂ ᠡᠭᠦᠳᠡᠨ ᠦ᠌ ᠠᠷᠤ ᠳ᠋ᠤᠨᠢ ᠨᠢᠭᠡᠨ ᠪᠦᠳᠦᠭᠦᠨ ᠬᠤᠯᠤᠭᠠᠨ᠎ᠠ ᠪᠢᠴᠢᠬᠠᠨ ᠬᠦᠦ ᠶ᠋ᠢᠨ ᠴᠢᠬᠢ ᠶ᠋ᠢ ᠡᠮᠬᠦᠵᠦ ᠦᠬᠦᠭᠰᠡᠨ ᠢ᠋ ᠦᠵᠡᠭᠡᠳ ᠰᠠᠢ ᠮᠤᠤᠷ ᠢ᠋ᠶ᠋ᠠᠨ ᠡᠨᠳᠡᠭᠦᠦ ᠠᠯᠠᠪᠠ ᠭᠡᠵᠦ ᠤᠬᠢᠯᠠᠪᠠ》 ᠭᠡᠰᠡᠨ ᠳ᠋ᠦ᠍᠂
ᠢᠷᠲᠡᠭᠡᠷ ᠬᠠᠭᠠᠨ᠄《ᠠᠢ! ᠶᠠᠮᠠᠷ ᠬᠥᠭᠡᠷᠦᠬᠦᠢ ᠶᠤᠮ ᠪᠠᠢ!》 ᠭᠡᠵᠦ ᠭᠡᠮᠰᠢᠭᠰᠡᠨ ᠳ᠋ᠦ᠍ ᠰᠢᠳᠢᠲᠦ ᠮᠡᠷᠭᠡᠨ ᠰᠢᠪᠠᠭᠤ ᠪᠦᠷ ᠭᠡᠵᠦ ᠨᠢᠰᠦᠨ ᠶᠠᠪᠤᠴᠢᠪᠠ᠃
ᠴᠢᠩᠭᠢᠭᠡᠳ ᠢᠷᠲᠡᠭᠡᠷ ᠬᠠᠭᠠᠨ ᠭᠤᠷᠪᠠᠳᠤᠭᠠᠷ ᠤᠳᠠᠭ᠎ᠠ ᠠᠷᠤ ᠬᠠᠩᠭᠠᠢ ᠳ᠋ᠤ᠌ ᠭᠠᠷᠴᠤ᠂ ᠲᠦᠮᠡᠨ ᠵᠢᠯ ᠦ᠋ᠨ ᠨᠠᠷᠠᠰᠤᠨ ᠰᠢᠳᠢᠲᠦ ᠮᠡᠷᠭᠡᠨ ᠰᠢᠪᠠᠭᠤ ᠶ᠋ᠢ ᠪᠠᠷᠢᠵᠤ ᠴᠢᠭᠡᠭᠡ ᠵᠣᠪᠠ ᠵᠠᠮ ᠢ᠋ᠶ᠋ᠠᠷ ᠪᠤᠴᠠᠵᠤ ᠶᠠᠪᠤᠵᠤ ᠪᠠᠢᠭᠰᠠᠨ ᠳ᠋ᠤ᠌ ᠰᠢᠳᠢᠲᠦ ᠮᠡᠷᠭᠡᠨ ᠰᠢᠪᠠᠭᠤ ᠪᠠᠰᠠ ᠨᠢᠭᠡ ᠦᠯᠢᠭᠡᠷ ᠬᠡᠯᠡᠭᠰᠡᠨ ᠨᠢ᠄
《ᠲᠡᠷᠡ ᠨᠢᠭᠡᠨ ᠵᠢᠯ ᠪᠣᠷᠣᠭᠠᠨ ᠤᠰᠤ ᠬᠣᠪᠣᠷ ᠪᠣᠯᠵᠤ᠂ ᠭᠠᠵᠠᠷ ᠳᠡᠯᠡᠬᠡᠢ ᠭᠠᠩᠳᠠᠵᠤ᠂ ᠭᠠᠮᠰᠢᠭ ᠶᠡᠬᠡ ᠲᠣᠬᠢᠶᠠᠯᠳᠤᠭᠰᠠᠨ ᠳ᠋ᠤ᠌᠂ ᠠᠷᠪᠠᠢ ᠨᠡᠷ᠎ᠡ ᠲᠡᠢ ᠬᠥᠮᠦᠨ ᠭᠠᠮᠰᠢᠭ ᠠ᠋ᠴᠠ ᠵᠠᠢᠯᠠᠵᠤ᠂ ᠭᠠᠢᠭᠤᠢ ᠨᠢᠭᠡᠨ ᠭᠠᠵᠠᠷ ᠣᠴᠢᠵᠤ ᠠᠮᠤᠷ ᠰᠠᠢᠬᠠᠨ ᠠᠮᠢᠳᠤᠷᠠᠶ᠎ᠠ ᠭᠡᠳ ᠠᠶᠠᠨ ᠵᠠᠮ ᠳ᠋ᠠᠭᠠᠨ ᠭᠠᠷᠴᠤ ᠠᠯᠬᠤᠭᠤᠯᠤᠨ ᠭᠢᠰᠬᠢᠵᠦ ᠶᠠᠪᠤᠭᠰᠠᠭᠠᠷ᠂ ᠠᠭᠠᠷ ᠤ᠋ᠨ ᠨᠠᠷᠠᠨ ᠳ᠋ᠤ᠌ ᠰᠢᠷᠠᠭᠳᠠᠵᠤ ᠠᠮᠠᠨ ᠬᠣᠭᠣᠯᠠᠢ ᠨᠢ ᠬᠠᠲᠠᠵᠤ᠂ ᠠᠷᠭ᠎ᠠ ᠦᠭᠡᠢ ᠶᠡᠬᠡ ᠠᠩᠭᠠᠵᠤ᠂ ᠶᠠᠪᠤᠬᠤ ᠲᠡᠩᠬᠡᠭᠡ ᠦᠭᠡᠢ ᠪᠣᠯᠵᠤ᠂ ᠥᠨᠳᠥᠷ ᠨᠢᠭᠡᠨ ᠬᠠᠳᠠᠨ ᠤ᠋ ᠢᠷᠣᠭᠠᠷ ᠲᠤ᠌ ᠦᠬᠦᠬᠦ ᠪᠡᠷ ᠬᠦᠯᠢᠶᠡᠵᠦ ᠰᠠᠭᠤᠭᠰᠠᠨ ᠳ᠋ᠤ᠌᠂ ᠬᠠᠵᠠᠭᠤ ᠲᠠᠯ᠎ᠠ ᠳ᠋ᠤᠨᠢ ᠲᠤᠰ ᠲᠤᠰ ᠬᠢᠵᠦ᠂ ᠬᠠᠳᠠᠨ ᠤ᠋ ᠣᠷᠣᠢ ᠠ᠋ᠴᠠ ᠨᠢᠭᠡᠨ ᠳᠤᠰᠤᠯ ᠨᠢᠭᠡᠨ ᠳᠤᠰᠤᠯ ᠢ᠋ᠶ᠋ᠠᠷ ᠤᠰᠤ ᠲᠤᠰᠤᠯᠵᠤ ᠪᠠᠢᠵᠠᠢ᠃ ᠡᠭᠦᠨ ᠢ᠋ ᠠᠷᠪᠠᠢ ᠨᠡᠷᠡᠲᠦ ᠦᠵᠡᠭᠡᠳ᠂ ᠠᠰᠤᠷᠤ ᠶᠡᠬᠡ ᠪᠠᠶᠠᠷᠯᠠᠵᠤ᠂ ᠲᠠᠭᠱᠠ ᠠᠶᠠᠭ᠎ᠠ ᠪᠠᠨ ᠭᠠᠷᠭᠠᠵᠤ᠂ ᠲᠣᠰᠴᠤ ᠠᠪᠤᠭᠠᠳ ᠠᠷᠠᠢ ᠭᠡᠵᠦ ᠨᠢᠭᠡ ᠠᠶᠠᠭ᠎ᠠ ᠪᠣᠯᠭᠠᠵᠤ᠂ ᠳᠥᠩᠭᠡᠵᠢ ᠤᠤᠭᠤᠶ᠎ᠠ ᠭᠡᠲᠡᠯ᠎ᠡ ᠭᠡᠨᠡᠳᠲᠡ ᠨᠢᠭᠡᠨ ᠬᠡᠷᠢᠶ᠎ᠡ ᠨᠢᠰᠦᠨ ᠢᠷᠡᠵᠦ ᠠᠷᠪᠠᠢ ᠶ᠋ᠢᠨ ᠠᠶᠠᠭ᠎ᠠ ᠶ᠋ᠢ ᠳᠠᠯᠠᠪᠴᠢ ᠪᠠᠷ ᠢ᠋ᠶ᠋ᠠᠨ ᠴᠣᠬᠢᠵᠤ ᠲᠠᠭᠱᠠ ᠠᠶᠠᠭ᠎ᠠ ᠲᠠᠢ ᠤᠰᠤ ᠶ᠋ᠢ ᠨᠢ ᠪᠦᠷ ᠠᠰᠬᠠᠵᠤ ᠥᠭᠭᠦᠭᠰᠡᠨ ᠳ᠋ᠦ᠍᠂ ᠠᠷᠪᠠᠢ ᠨᠡᠷᠡᠲᠦ᠂ ᠠᠭᠤᠷ ᠨᠢ ᠶᠡᠬᠡ ᠬᠦᠷᠴᠦ᠂ ᠨᠠᠢ᠍ᠮᠠᠢ ᠥᠷᠥᠰᠢᠶᠡᠨ ᠤᠰᠤ ᠲᠤᠰᠠᠯᠠᠵᠤ ᠬᠠᠢᠷᠠᠯᠠᠭᠰᠠᠨ ᠢ᠋ ᠡᠨᠡ ᠮᠠᠭᠤ ᠬᠠᠷ᠎ᠠ ᠠᠮᠢᠲᠠᠨ᠂ ᠬᠠᠭᠰᠠᠭᠰᠠᠨ ᠬᠥᠮᠦᠨ ᠢ᠋ ᠠᠪᠤᠷᠠᠬᠤ ᠦᠭᠡᠢ ᠭᠡᠵᠦ ᠪᠦᠳᠦᠭᠦᠨ ᠴᠢᠯᠠᠭᠤ ᠠᠳᠬᠤᠵᠤ᠂ ᠨᠡᠬᠡᠵᠦ ᠬᠥᠭᠡᠭᠡᠨ ᠣᠴᠢᠵᠤ᠂ ᠨᠢᠭᠡᠨᠲᠡ ᠴᠣᠬᠢᠨ ᠠᠯᠠᠭᠠᠳ ᠳᠡᠭᠡᠷ᠎ᠡ ᠨᠢ ᠣᠴᠢᠵᠤ ᠦᠵᠡᠭᠰᠡᠨ ᠳ᠋ᠦ᠍ ᠬᠡᠷᠢᠶ᠎ᠡ ᠶ᠋ᠢᠨ ᠤᠨᠤᠭᠰᠠᠨ ᠭᠠᠵᠠᠷ ᠠ᠋ᠴᠠ ᠬᠣᠯᠠ ᠦᠭᠡᠢ᠂ ᠴᠢᠨᠠᠭᠰᠢ ᠶᠠᠪᠤᠬᠤ ᠵᠠᠮ ᠠ᠋ᠴᠠ ᠨᠢ ᠣᠢᠷᠠᠬᠠᠨ ᠬᠠᠳᠠᠨ ᠤ᠋ ᠴᠢᠯᠠᠭᠤᠨ ᠵᠠᠪᠰᠠᠷ ᠠ᠋ᠴᠠ ᠬᠦᠢᠲᠡᠨ ᠤᠰᠤ ᠣᠷᠭᠢᠯᠤᠨ ᠤᠷᠤᠰᠴᠤ ᠭᠠᠷᠤᠭᠠᠳ᠂ ᠳᠡᠭᠡᠷ᠎ᠡ ᠨᠦᠬᠡᠨ ᠡᠴᠡ ᠨᠢ ᠭᠠᠷᠴᠤ ᠳᠣᠣᠷ᠎ᠠ ᠨᠦᠬᠡᠨ ᠳ᠋ᠡᠭᠡᠨ ᠣᠷᠣᠵᠤ ᠪᠠᠢᠬᠤ ᠶ᠋ᠢ ᠦᠵᠡᠭᠡᠳ᠂ ᠦᠨᠡᠬᠡᠷ ᠶᠡᠬᠡ ᠪᠠᠶᠠᠷᠯᠠᠵᠤ ᠬᠠᠨᠲᠠᠯ᠎ᠠ ᠤᠰᠤ ᠤᠤᠭᠤᠭᠠᠳ ᠡᠷᠭᠢᠨ ᠪᠣᠰᠤᠭᠠᠳ ᠰᠠᠭᠤᠭᠰᠠᠨ ᠭᠠᠵᠠᠷ ᠲᠠᠭᠠᠨ ᠢᠷᠡᠵᠦ ᠪᠣᠭᠣᠳᠠᠯᠲᠠᠢ ᠶᠠᠭᠤᠮ᠎ᠠ ᠪᠠᠨ ᠠᠪᠤᠶ᠎ᠠ ᠭᠡᠵᠦ ᠳᠡᠭᠡᠭᠰᠢ ᠬᠠᠷᠠᠨ ᠦᠵᠡᠭᠰᠡᠨ ᠳ᠋ᠦ᠍ ᠬᠠᠳᠠᠨ ᠤ᠋ ᠣᠷᠣᠢ ᠳᠡᠭᠡᠷ᠎ᠡ ᠠᠪᠤᠷᠭᠤ ᠮᠣᠭᠠᠢ ᠬᠡᠪᠲᠡᠵᠦ᠂ ᠠᠮᠢᠰᠤᠭ᠎ᠠ ᠲᠡᠳᠡᠨ ᠤᠨᠲᠠᠵᠤ᠂ ᠬᠣᠣᠷᠲᠤ ᠬᠡᠯᠡ ᠪᠡᠨ ᠤᠨᠵᠠᠢᠯᠭᠠᠨ ᠰᠢᠯᠦᠰᠦ ᠪᠡᠨ ᠳᠣᠷᠣᠭᠰᠢ ᠲᠤᠰᠤᠯᠭᠠᠵᠤ ᠪᠠᠢᠬᠤ ᠶ᠋ᠢ ᠦᠵᠡᠭᠡᠳ᠄《ᠠ! ᠮᠢᠨᠦ ᠲᠤᠰᠤᠭᠰᠠᠨ ᠤᠰᠤ ᠴᠢᠨᠢ ᠡᠭᠦᠨ ᠦ᠌ ᠰᠢᠯᠦᠰᠦ ᠪᠠᠢᠨ᠎ᠠ ᠭᠡᠵᠦ ᠮᠡᠳᠡᠭᠡᠳ᠂ ᠬᠡᠷᠢᠶ᠎ᠡ ᠮᠢᠨᠦ ᠠᠮᠢ ᠶ᠋ᠢ ᠠᠪᠤᠷᠠᠪᠠ》 ᠭᠡᠵᠦ ᠬᠡᠷᠢᠶ᠎ᠡ ᠠᠯᠠᠭᠰᠠᠨ ᠢ᠋ᠶ᠋ᠠᠨ ᠭᠡᠮᠰᠢᠵᠦ ᠤᠬᠢᠯᠠᠪᠠ》 ᠭᠡᠰᠡᠨ ᠳ᠋ᠦ᠍᠂
ᠢᠷᠲᠡᠭᠡᠷ ᠬᠠᠭᠠᠨ《ᠠᠢ! ᠬᠡᠷᠢᠶ᠎ᠡ ᠦᠨᠡᠬᠡᠷ ᠬᠥᠭᠡᠷᠦᠬᠦᠢ᠂ ᠲᠡᠭᠦᠨ ᠦ᠌ ᠰᠠᠢᠨ ᠢ᠋ ᠮᠡᠳᠡᠭᠰᠡᠨ ᠦᠭᠡᠢ᠃ ᠬᠥᠮᠦᠨ ᠢ᠋ ᠲᠤᠰᠠᠯᠠᠵᠤ ᠠᠮᠢ ᠪᠠᠨ ᠪᠠᠷᠠᠪᠠ》 ᠭᠡᠰᠡᠨ ᠳ᠋ᠦ᠍
ᠰᠢᠳᠢᠲᠦ ᠮᠡᠷᠭᠡᠨ ᠰᠢᠪᠠᠭᠤ᠂ ᠴᠢ ᠪᠠᠰᠠ ᠭᠡᠮᠰᠢᠪᠡ ᠭᠡᠵᠦ ᠬᠡᠯᠡᠭᠡᠳ ᠨᠢᠰᠦᠨ ᠬᠠᠷᠢᠪᠠ ᠭᠡᠨ᠎ᠡ᠃
ᠴᠢᠩᠭᠢᠭᠡᠳ ᠢᠷᠲᠡᠭᠡᠷ ᠬᠠᠭᠠᠨ᠂ ᠰᠢᠳᠢᠲᠦ ᠮᠡᠷᠭᠡᠨ ᠰᠢᠪᠠᠭᠤ ᠶ᠋ᠢ ᠶᠡᠷᠦ ᠪᠠᠷᠢᠨ᠎ᠠ ᠭᠡᠵᠦ ᠴᠢᠭᠡᠭᠡ ᠵᠣᠪᠠ ᠵᠠᠮ ᠭᠠᠷᠭᠠᠪᠠ ᠭᠡᠰᠡᠨ ᠨᠢ ᠢᠩᠭᠢᠵᠦ ᠭᠠᠷᠭᠠᠭᠰᠠᠨ ᠠᠴᠢ ᠭᠡᠵᠦ᠄ ᠵᠧ ᠪᠣᠯᠢᠶ᠎ᠠ ᠡᠭᠦᠨ ᠢ᠋ ᠪᠠᠷᠢᠵᠤ ᠬᠠᠷᠢᠬᠤ ᠬᠡᠷᠡᠭ ᠦᠨᠡᠬᠡᠷ ᠪᠦᠲᠦᠵᠦ ᠴᠢᠳᠠᠬᠤ ᠦᠭᠡᠢ ᠭᠡᠵᠦ ᠭᠡᠷ ᠲᠡᠭᠡᠨ ᠬᠠᠷᠢᠪᠠ ᠭᠡᠨ᠎ᠡ᠃