1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 26 Нэгэн ном тавцан үн өдөр үн тэмдэглэлээс – 26

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 26 Нэгэн ном тавцан үн өдөр үн тэмдэглэлээс – 26

2025-03-11

277


       ᠨᠢᠭᠡ ᠵᠢᠷᠤᠭᠴᠢᠨ ᠥᠪᠡᠷ ᠦ᠋ᠨ ᠪᠦᠲᠦᠭᠡᠯ ᠳ᠋ᠡᠭᠡᠨ ᠬᠡᠵᠢᠶᠡᠳᠡ ᠬᠠᠨᠤᠮᠵᠢ ᠦᠭᠡᠢ ᠪᠠᠢᠳᠠᠭ ᠭᠡᠨ᠎ᠡ᠃ ᠨᠢᠭᠡ ᠡᠳᠦᠷ ᠲᠡᠷᠡ ᠵᠢᠷᠤᠭᠴᠢᠨ ᠡᠬᠡᠨᠡᠷ ᠲᠦ᠍ ᠪᠡᠨ᠄《ᠪᠢ ᠭᠠᠳᠠᠭᠰᠢ ᠭᠠᠷᠴᠤ ᠬᠣᠯᠠ ᠶᠠᠪᠤᠨ᠎ᠠ᠂ ᠲᠡᠭᠡᠪᠡᠯ ᠰᠠᠶᠢ ᠵᠣᠬᠢᠶᠠᠨ ᠪᠦᠲᠦᠭᠡᠬᠦ ᠣᠩᠭᠣᠳ ᠪᠠᠭᠤᠵᠤ ᠠᠭᠤᠤ ᠶᠡᠬᠡ ᠪᠦᠲᠦᠭᠡᠯ ᠪᠦᠲᠦᠭᠡᠵᠦ ᠴᠢᠳᠠᠨ᠎ᠠ》 ᠭᠡᠵᠡᠢ᠃ ᠲᠡᠭᠡᠭᠡᠳ ᠲᠡᠷᠡ ᠵᠢᠷᠤᠭᠴᠢᠨ ᠮᠠᠰᠢ ᠣᠯᠠᠨ ᠤᠯᠤᠰ ᠣᠷᠣᠨ ᠢ᠋ᠶ᠋ᠠᠷ ᠲᠣᠭᠣᠷᠢᠵᠤ᠂ ᠮᠠᠰᠢ ᠣᠯᠠᠨ ᠰᠠᠢᠨ ᠰᠠᠢᠬᠠᠨ ᠬᠡᠷᠡᠭ ᠤᠴᠢᠷ ᠲᠠᠢ ᠲᠠᠭᠠᠷᠠᠭᠰᠠᠨ ᠪᠣᠯᠪᠠᠴᠤ ᠪᠠᠰᠠ ᠯᠠ ᠥᠪᠡᠷ ᠦ᠋ᠨ ᠣᠯᠤᠶ᠎ᠠ ᠭᠡᠰᠡᠨ ᠵᠦᠢᠯ ᠢ᠋ᠶ᠋ᠡᠨ ᠣᠯᠵᠤ ᠴᠢᠳᠠᠭ᠎ᠠ ᠦᠭᠡᠢ ᠪᠠᠢᠵᠠᠢ᠃ 
       ᠨᠢᠭᠡ ᠡᠳᠦᠷ ᠲᠡᠷᠡ ᠨᠢᠭᠡᠨ ᠬᠤᠷᠢᠮᠯᠠᠬᠤ ᠭᠡᠵᠦ ᠪᠠᠢᠭ᠎ᠠ ᠭᠣᠶᠣ ᠡᠮᠡᠭᠲᠡᠢ ᠲᠡᠢ ᠤᠴᠠᠷᠠᠭᠠᠳ᠄
      《ᠲᠠᠨ ᠳ᠋ᠤ᠌ ᠠᠪᠴᠤ ᠬᠡᠯᠡᠪᠡᠯ ᠳᠡᠯᠡᠬᠡᠢ ᠳᠡᠭᠡᠷ᠎ᠡ ᠬᠠᠮᠤᠭ ᠰᠠᠢᠬᠠᠨ ᠨᠢ ᠶᠠᠭᠤ ᠪᠣᠢ?》 ᠭᠡᠵᠦ ᠠᠰᠠᠭᠤᠭᠰᠠᠨ ᠳ᠋ᠤ᠌ ᠲᠡᠷᠡ ᠡᠮᠡᠭᠲᠡᠢ᠄
      《ᠬᠠᠢᠷ᠎ᠠ ᠳᠤᠷᠠᠯᠠᠯ ᠬᠠᠮᠤᠭ ᠰᠠᠢᠬᠠᠨ》 ᠭᠡᠵᠦ ᠬᠠᠷᠢᠭᠤᠯᠵᠠᠢ᠃ ᠡᠭᠦᠨ ᠳ᠋ᠦ᠍ ᠵᠢᠷᠤᠭᠴᠢᠨ᠄
      《ᠬᠠᠢᠷ᠎ᠠ ᠳᠤᠷᠠᠯᠠᠯ ᠢ᠋ ᠴᠢᠨᠢ ᠶᠠᠭᠠᠬᠢᠵᠤ ᠵᠢᠷᠤᠨ᠎ᠠ ᠪᠣᠢ?》 ᠭᠡᠵᠦ ᠶᠡᠬᠡᠯ᠎ᠡ ᠤᠷᠮ᠎ᠠ ᠬᠤᠭᠤᠷᠠᠭᠰᠠᠨ ᠭᠡᠨ᠎ᠡ᠃ 
       ᠲᠡᠷᠡ ᠵᠠᠯᠭᠠᠭᠠᠳ ᠴᠢᠨᠠᠭᠰᠢ ᠶᠠᠪᠤᠵᠤ ᠪᠠᠢᠲᠠᠯ᠎ᠠ ᠰᠠᠶᠢᠬᠠᠨ ᠲᠡᠢᠨ ᠦ᠌ ᠡᠮᠦᠨ᠎ᠡ ᠹᠷᠣᠨᠲ ᠠ᠋ᠴᠠ ᠬᠠᠷᠢᠵᠤ ᠢᠷᠡᠭᠰᠡᠨ ᠨᠢᠭᠡ ᠴᠡᠷᠢᠭ ᠲᠡᠢ ᠲᠠᠭᠠᠷᠠᠯᠳᠤᠵᠠᠢ᠃ ᠵᠢᠷᠤᠭᠴᠢᠨ᠄
      《ᠲᠠᠨ ᠳ᠋ᠤ᠌ ᠠᠪᠴᠤ ᠬᠡᠯᠡᠪᠡᠯ ᠡᠨᠡ ᠳᠡᠯᠡᠬᠡᠢ ᠳ᠋ᠦ᠍ ᠶᠠᠭᠤ ᠬᠠᠮᠤᠭ ᠰᠠᠢᠬᠠᠨ ᠪᠣᠢ?》 ᠭᠡᠵᠦ ᠠᠰᠠᠭᠤᠬᠤ ᠳ᠋ᠤ᠌ ᠲᠡᠷᠡ ᠴᠡᠷᠢᠭ ᠪᠣᠳᠣᠯᠬᠢᠯᠠᠭᠰᠠᠨ ᠴᠤ᠌ ᠦᠭᠡᠢ ᠪᠡᠷ᠄
      《ᠡᠩᠬᠡ ᠲᠠᠢᠪᠤᠩ ᠬᠠᠮᠤᠭ ᠰᠠᠢᠬᠠᠨ》 ᠭᠡᠵᠡᠢ᠃ ᠡᠭᠦᠨ ᠳ᠋ᠦ᠍ ᠵᠢᠷᠤᠭᠴᠢᠨ᠄
      《ᠡᠩᠬᠡ ᠲᠠᠢᠪᠤᠩ ᠢ᠋ ᠴᠢᠨᠢ ᠶᠠᠭᠠᠬᠢᠵᠤ ᠵᠢᠷᠤᠬᠤ ᠪᠢᠯᠡ?》 ᠭᠡᠵᠦ ᠨᠡᠩ ᠢᠯᠡᠭᠦᠦ ᠤᠷᠮ᠎ᠠ ᠬᠤᠭᠤᠷᠠᠵᠠᠢ᠃ 
       ᠲᠡᠭᠡᠭᠡᠳ ᠴᠢᠨᠠᠭᠰᠢ ᠦᠷᠭᠦᠯᠵᠢᠯᠡᠨ ᠶᠠᠪᠤᠵᠤ ᠪᠠᠢᠲᠠᠯ᠎ᠠ ᠶᠠᠭ ᠨᠢᠭᠡᠨ ᠡᠮᠴᠢ ᠡᠮᠨᠡᠯᠭᠡ ᠤᠷᠤᠭᠤ ᠶᠠᠪᠤᠵᠤ ᠪᠠᠢᠬᠤ ᠲᠠᠢ ᠲᠠᠭᠠᠷᠠᠯᠳᠤᠵᠠᠢ᠃ ᠲᠡᠭᠡᠭᠡᠳ ᠲᠡᠷᠡ᠄
      《ᠲᠠᠨ ᠳ᠋ᠤ᠌ ᠠᠪᠴᠤ ᠬᠡᠯᠡᠪᠡᠯ ᠡᠨᠡ ᠳᠡᠯᠡᠬᠡᠢ ᠳᠡᠭᠡᠷ᠎ᠡ ᠶᠠᠭᠤ ᠬᠠᠮᠤᠭ ᠤ᠋ᠨ ᠰᠠᠢᠬᠠᠨ ᠪᠣᠢ?》 ᠭᠡᠵᠦ ᠠᠰᠠᠭᠤᠬᠤ ᠳ᠋ᠤ᠌ ᠡᠮᠴᠢ ᠮᠥᠨ ᠯᠡ ᠪᠣᠳᠣᠯᠬᠢᠯᠠᠭᠰᠠᠨ ᠦᠭᠡᠢ ᠪᠡᠷ ᠰᠢᠭᠤᠳ᠄
      《ᠠᠮᠢ ᠨᠠᠰᠤ ᠬᠠᠮᠤᠭ ᠰᠠᠢᠬᠠᠨ》 ᠭᠡᠵᠦ ᠬᠡᠯᠡᠭᠰᠡᠨ ᠭᠡᠨ᠎ᠡ᠃
      《ᠠᠮᠢ ᠨᠠᠰᠤ ᠶ᠋ᠢ ᠴᠢᠨᠢ ᠴᠣᠬᠣᠮ ᠶᠠᠭᠠᠬᠢᠵᠤ ᠵᠢᠷᠤᠬᠤ ᠪᠢᠯᠡ?》 ᠭᠡᠵᠦ ᠵᠢᠷᠤᠭᠴᠢᠨ ᠪᠦᠷ ᠴᠥᠬᠥᠷᠡᠬᠦ ᠳ᠋ᠦ᠍ ᠬᠦᠷᠴᠡᠢ᠃ 
       ᠲᠡᠭᠡᠭᠡᠳ ᠲᠡᠷᠡ ᠲᠤᠢᠯ ᠤ᠋ᠨ ᠤᠷᠮ᠎ᠠ ᠮᠠᠭᠤᠲᠠᠢ ᠪᠠᠷ ᠭᠡᠷ ᠲᠡᠭᠡᠨ ᠬᠠᠷᠢᠵᠠᠢ᠃ ᠡᠬᠡᠨᠡᠷ ᠨᠢ ᠬᠠᠯᠠᠭᠤᠮᠰᠤᠭ ᠪᠥᠭᠡᠳ ᠡᠶᠡᠯᠳᠡᠭ ᠢ᠋ᠶ᠋ᠡᠷ ᠤᠭᠲᠤᠨ ᠠᠪᠬᠤ ᠳ᠋ᠤ᠌ ᠵᠢᠷᠤᠭᠴᠢᠨ ᠰᠠᠶᠢ ᠯᠠ ᠲᠡᠷᠡᠬᠦ ᠬᠤᠷᠢᠮᠯᠠᠬᠤ ᠭᠡᠵᠦ ᠪᠠᠢᠭᠰᠠᠨ ᠡᠮᠡᠭᠲᠡᠢ ᠶ᠋ᠢᠨ ᠬᠡᠯᠡᠭᠰᠡᠨ ᠬᠠᠢᠷ᠎ᠠ ᠳᠤᠷᠠᠯᠠᠯ ᠭᠡᠳᠡᠭ ᠢ᠋ ᠣᠯᠵᠤ ᠮᠡᠳᠡᠵᠡᠢ᠃ ᠡᠩᠬᠡ ᠲᠠᠢᠪᠤᠩ ᠮᠥᠷᠲᠡᠭᠡᠨ ᠬᠠᠯᠠᠭᠤᠨ ᠳᠤᠯᠠᠭᠠᠨ ᠠᠭᠤᠷ ᠠᠮᠢᠰᠬᠤᠯ ᠪᠢᠯᠬᠠᠭᠰᠠᠨ ᠭᠡᠷ ᠲᠡᠭᠡᠨ ᠣᠷᠣᠬᠤ ᠳ᠋ᠤ᠌ ᠰᠠᠶᠢ ᠯᠠ ᠲᠡᠷᠡ ᠴᠡᠷᠢᠭ ᠦ᠋ᠨ ᠬᠡᠯᠡᠭᠰᠡᠨ ᠡᠩᠬᠡ ᠲᠠᠢᠪᠤᠩ ᠰᠠᠢᠬᠠᠨ ᠭᠡᠳᠡᠭ ᠢ᠋ ᠣᠢᠯᠠᠭᠠᠵᠠᠢ᠃ ᠬᠠᠵᠠᠭᠤ ᠪᠠᠷ ᠨᠢ ᠲᠣᠭᠣᠷᠢᠭᠠᠳ ᠡᠷᠭᠢᠯᠳᠦᠵᠦ ᠪᠠᠢᠭ᠎ᠠ ᠬᠥᠭᠡᠷᠦᠬᠦᠨ ᠬᠡᠦᠬᠡᠳ ᠢ᠋ᠶ᠋ᠡᠨ ᠬᠠᠷᠠᠭᠠᠳ ᠲᠡᠷᠡᠬᠦ ᠡᠮᠴᠢ ᠶ᠋ᠢᠨ ᠬᠡᠯᠡᠭᠰᠡᠨ ᠠᠮᠢ ᠨᠠᠰᠤ ᠰᠠᠢᠬᠠᠨ ᠭᠡᠳᠡᠭ ᠢ᠋ ᠤᠬᠠᠭᠠᠷᠠᠵᠠᠢ᠃ ᠦᠨᠡᠨ ᠳ᠋ᠦ᠍ ᠪᠡᠨ ᠵᠢᠷᠤᠭᠴᠢᠨ ᠤ᠋ ᠭᠠᠳᠠᠭᠰᠢ ᠭᠠᠷᠴᠤ ᠡᠷᠢᠭᠰᠡᠨ ᠶᠠᠭᠤᠮ᠎ᠠ ᠨᠢ ᠪᠦᠷ ᠭᠡᠷ ᠲᠦ᠍ ᠨᠢ ᠪᠠᠢᠭᠰᠠᠨ ᠶᠤᠮ ᠪᠠᠢᠨ᠎ᠠ᠃  

         ᠦᠰᠦᠭ ᠠᠮᠢᠯᠠᠭᠤᠯᠤᠭᠴᠢ᠄ ᠡᠩᠬᠡᠪᠠᠲᠤ  
             ᠦᠰᠦᠭ ᠬᠢᠨᠠᠭᠴᠢ᠄ ᠪᠠᠶᠠᠷᠴᠡᠴᠡᠭ