ᠭᠤᠷᠪᠠᠨ ᠰᠠᠷ᠎ᠠ ᠶ᠋ᠢᠨ ᠨᠠᠢ᠍ᠮᠠᠨ ᠤ᠋ ᠰᠢᠯᠦᠭ — ᠳ᠋ᠠᠨᠽᠠᠨ ᠤ᠋ ᠨᠢᠮᠠᠰᠦ᠋ᠷᠦᠩ Гурван сарын наймны шүлэг — Данзаны Нямсүрэн
ᠭᠤᠷᠪᠠᠨ ᠰᠠᠷ᠎ᠠ ᠶ᠋ᠢᠨ ᠨᠠᠢ᠍ᠮᠠᠨ ᠳ᠋ᠤ᠌
ᠵᠥᠪᠬᠡᠨ ᠴᠢᠮᠠᠶ᠋ᠢ ᠪᠠᠨ ᠦᠨᠦᠰᠦᠨ᠎ᠡ
ᠬᠠᠪᠤᠷ ᠤ᠋ᠨ ᠰᠢᠪᠠᠭᠤᠳ ᠤ᠋ᠨ ᠵᠢᠷᠭᠢᠭᠡᠨ ᠳᠤᠮᠳᠠ
ᠬᠠᠢᠷᠠᠲᠠᠢ ᠭᠡᠵᠦ ᠳᠠᠪᠲᠠᠨ ᠬᠡᠯᠡᠨ᠎ᠡ᠃
ᠨᠠᠨᠳᠢᠨ ᠰᠠᠢᠬᠠᠨ ᠡᠨᠡ ᠯᠡ ᠦᠭᠡ ᠶ᠋ᠢ
ᠨᠠᠳᠠ ᠠ᠋ᠴᠠ ᠣᠨᠳᠣᠣ ᠬᠥᠮᠦᠨ ᠴᠢᠮ᠎ᠠ ᠳ᠋ᠤ᠌ ᠬᠡᠯᠡᠬᠦ ᠦᠭᠡᠢ
ᠨᠠᠰᠤᠨ ᠳ᠋ᠤ᠌ ᠭᠠᠭᠴᠠᠬᠠᠨ ᠢᠷᠡᠬᠦ
ᠨᠠᠮᠤᠷ ᠲᠠᠭᠠᠨ ᠬᠣᠶᠠᠭᠤᠯᠠ ᠪᠠᠨ ᠳᠤᠷᠠᠯᠠᠶᠠ!
ᠠᠩᠬ᠎ᠠ ᠴᠢᠨᠦ
ᠠᠳᠬᠤᠨ ᠳ᠋ᠠᠭᠠᠨ ᠪᠠᠵᠠᠭᠰᠠᠨ ᠨᠣᠭᠣᠭ᠎ᠠ᠂
ᠠᠩᠬ᠎ᠠ ᠮᠢᠨᠦ
ᠠᠶᠠᠷᠬᠠᠨ ᠰᠣᠭᠲᠣᠭᠰᠠᠨ ᠡᠪᠡᠰᠦ᠃
ᠶᠠᠭᠤ ᠲᠠᠢ ᠰᠠᠢᠬᠠᠨ ᠴᠡᠩᠬᠡᠷᠬᠡᠨ ᠨᠤᠭᠤ ᠮᠢᠨᠢ
ᠰᠢᠪᠠᠭᠤᠳ ᠤ᠋ᠨ ᠳᠤᠮᠳᠠ ᠣᠳᠣᠳ ᠤ᠋ᠨ ᠬᠣᠭᠣᠷᠣᠨᠳᠣ ᠪᠣᠢ᠁
ᠠᠩᠬᠠᠨ ᠤ᠋ ᠦᠨᠦᠰᠦᠯᠲᠡ ᠠᠩᠬᠠᠨ ᠤ᠋ ᠨᠠᠮᠤᠷ
ᠠᠩᠬᠠᠨ ᠤ᠋ ᠶᠠᠭᠤᠮ᠎ᠠ ᠪᠦᠬᠦᠨ
ᠠᠬᠢᠭᠠᠳ ᠢᠷᠡᠬᠦ ᠦᠭᠡᠢ
ᠠᠶ᠎ᠠ᠂ ᠬᠣᠩᠭᠣᠷ ᠮᠢᠨᠢ
ᠠᠮᠵᠢᠵᠤ ᠨᠠᠮᠠᠶ᠋ᠢ ᠪᠠᠨ ᠦᠨᠦᠰ ᠨᠠᠮᠠᠶ᠋ᠢ ᠪᠠᠨ᠁
ᠭᠤᠷᠪᠠᠨ ᠰᠠᠷ᠎ᠠ ᠶ᠋ᠢᠨ ᠨᠠᠢ᠍ᠮᠠᠨ ᠳ᠋ᠤ᠌
ᠵᠥᠪᠬᠡᠨ ᠴᠢᠮᠠᠶ᠋ᠢ ᠪᠠᠨ ᠦᠨᠦᠰᠦᠨ᠎ᠡ
ᠬᠠᠪᠤᠷ ᠤ᠋ᠨ ᠰᠢᠪᠠᠭᠤᠳ ᠤ᠋ᠨ ᠵᠢᠷᠭᠢᠭᠡᠨ ᠳᠤᠮᠳᠠ
ᠬᠠᠢᠷᠠᠲᠠᠢ ᠭᠡᠵᠦ ᠳᠠᠪᠲᠠᠨ ᠬᠡᠯᠡᠨ᠎ᠡ᠃
ᠨᠠᠨᠳᠢᠨ ᠰᠠᠢᠬᠠᠨ ᠡᠨᠡ ᠯᠡ ᠦᠭᠡ ᠪᠡᠨ
ᠨᠠᠷᠠ ᠲᠠᠢ ᠳᠡᠯᠡᠬᠡᠢ ᠲᠡᠢ ᠪᠡᠨ ᠴᠢᠮ᠎ᠠ ᠳ᠋ᠠᠭᠠᠨ ᠥᠭᠭᠦᠶ᠎ᠡ
ᠨᠠᠰᠤᠨ ᠤ᠋ ᠮᠥᠩᠭᠥᠨ ᠨᠠᠮᠤᠷ ᠲᠠᠭᠠᠨ
ᠨᠠᠭᠠᠳᠴᠤ ᠬᠣᠶᠠᠭᠤᠯᠠ ᠪᠠᠨ ᠵᠢᠷᠭᠠᠶ᠎ᠠ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
