1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨᠰᠠᠨ ᠵᠤᠤ-ᠢᠷᠭᠤᠢШинсэн жуу-яргуй

ᠰᠢᠨᠰᠠᠨ ᠵᠤᠤ-ᠢᠷᠭᠤᠢШинсэн жуу-яргуй

2025-03-11

3268

ᠰᠢᠨᠰᠡᠨ ᠵᠣᠣ

     ᠣᠷᠳᠣᠰ ᠠᠷᠠᠳ ᠤ᠋ᠨ ᠳᠠᠭᠤᠤ 
         ᠳᠠᠭᠤᠴᠢᠨ᠄ ᠢᠷᠭᠤᠢ 

ᠰᠢᠯᠢ ᠳᠡᠭᠡᠭᠦᠷ ᠰᠢᠭᠰᠢᠭᠦᠯᠦᠭᠡᠳ 
ᠰᠢᠨᠰᠡᠨ ᠵᠣᠣ ᠳᠡᠭᠡᠷ᠎ᠡ ᠰᠠᠭᠠᠲᠠᠯ᠎ᠠ 
ᠰᠢᠨᠰᠡᠨ ᠵᠣᠣ ᠶ᠋ᠢᠨ ᠰᠢᠷᠡᠭᠡ ᠨᠢ 
ᠰᠢᠵᠢᠷ ᠠᠯᠲᠠᠨ ᠯᠤᠤ ᠲᠠᠢ ᠶᠤᠮ ᠠ᠋ 

ᠡᠵᠡᠨ ᠪᠣᠭᠳᠠ ᠶ᠋ᠢᠨ ᠰᠢᠷᠡᠭᠡ ᠨᠢ 
ᠡᠷᠳᠡᠨᠢ ᠶ᠋ᠢᠨ ᠬᠣᠶᠠᠷ ᠯᠤᠤ ᠲᠠᠢ ᠶᠤᠮ ᠠ᠋ 
ᠡᠵᠡᠯᠡᠭᠰᠡᠨ ᠯᠠᠮ᠎ᠠ ᠨᠢ 
ᠡᠵᠡᠨ ᠵᠤᠷᠭᠠᠨ ᠳ᠋ᠤ᠌ ᠪᠠᠨ ᠠᠯᠳᠠᠷ ᠲᠠᠢ 

ᠠᠷᠠᠯ ᠤ᠋ᠨ ᠯᠠᠮ᠎ᠠ ᠶ᠋ᠢᠨ ᠰᠢᠷᠡᠭᠡ ᠨᠢ 
ᠠᠯᠲᠠᠨ ᠬᠣᠶᠠᠷ ᠯᠤᠤ ᠲᠠᠢ ᠶᠤᠮ ᠠ᠋ 
ᠠᠮᠢᠯᠠᠭᠰᠠᠨ ᠪᠣᠭᠳᠠ ᠨᠢ 
ᠠᠢᠮᠠᠭ ᠵᠤᠷᠭᠠᠨ ᠳ᠋ᠤ᠌ ᠪᠠᠨ ᠠᠯᠳᠠᠷ ᠲᠠᠢ 

ᠰᠢᠯᠢ ᠳᠡᠭᠡᠭᠦᠷ ᠰᠢᠭᠰᠢᠭᠦᠯᠦᠭᠡᠳ
ᠰᠢᠨᠰᠡᠨ ᠵᠣᠣ ᠳᠡᠭᠡᠷ᠎ᠡ ᠰᠠᠭᠠᠲᠠᠯ᠎ᠠ
ᠰᠢᠨᠰᠡᠨ ᠵᠣᠣ ᠶ᠋ᠢᠨ ᠰᠢᠷᠡᠭᠡ ᠨᠢ
ᠰᠢᠵᠢᠷ ᠠᠯᠲᠠᠨ ᠯᠤᠤ ᠲᠠᠢ ᠶᠤᠮ ᠠ᠋

ᠰᠢᠨᠰᠡᠨ ᠵᠣᠣ ᠶ᠋ᠢᠨ ᠰᠢᠷᠡᠭᠡ ᠨᠢ
ᠰᠢᠵᠢᠷ ᠠᠯᠲᠠᠨ ᠯᠤᠤ ᠲᠠᠢ ᠶᠤᠮ ᠠ᠋
ᠰᠢᠵᠢᠷ ᠠᠯᠲᠠᠨ ᠯᠤᠤ ᠲᠠᠢ ᠶᠤᠮ ᠠ᠋

   ᠦᠰᠦᠭ ᠠᠮᠢᠯᠠᠭᠤᠯᠤᠭᠰᠠᠨ ᠨᠢ᠄ ᠨᠤᠮᠤᠴᠢᠨ ᠪᠢᠯᠢᠭ