ᠮᠣᠷᠢᠨ ᠳᠠᠪᠬᠢᠭ᠎ᠠ ᠳᠡᠭᠡᠷ᠎ᠡ ᠡᠴᠡ ᠰᠢᠯᠦᠭ ᠠᠨᠢᠷᠲᠤᠭᠤᠯᠬᠤ ᠨᠤᠲᠤᠭ ᠤ᠋ᠨ ᠵᠠᠮ - ᠴᠢ᠊ · ᠭᠡᠷᠡᠯᠲᠦМорин давхиа дээрээс шүлэг аниртоэ нутгийн зам-Ч ·Гэрэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠳᠠᠪᠬᠢᠭ᠎ᠠ ᠳᠡᠭᠡᠷ᠎ᠡ ᠡᠴᠡ ᠰᠢᠯᠦᠭ ᠠᠨᠢᠷᠲᠤᠭᠤᠯᠬᠤ ᠨᠤᠲᠤᠭ ᠤ᠋ᠨ ᠵᠠᠮ - ᠴᠢ᠊ · ᠭᠡᠷᠡᠯᠲᠦМорин давхиа дээрээс шүлэг аниртоэ нутгийн зам-Ч ·Гэрэлт

ᠮᠣᠷᠢᠨ ᠳᠠᠪᠬᠢᠭ᠎ᠠ ᠳᠡᠭᠡᠷ᠎ᠡ ᠡᠴᠡ ᠰᠢᠯᠦᠭ ᠠᠨᠢᠷᠲᠤᠭᠤᠯᠬᠤ ᠨᠤᠲᠤᠭ ᠤ᠋ᠨ ᠵᠠᠮ - ᠴᠢ᠊ · ᠭᠡᠷᠡᠯᠲᠦМорин давхиа дээрээс шүлэг аниртоэ нутгийн зам-Ч ·Гэрэлт

2025-03-11

1260

ᠮᠣᠷᠢᠨ ᠳᠠᠪᠬᠢᠭ᠎ᠠ ᠳᠡᠭᠡᠷ᠎ᠡ ᠡᠴᠡ ᠰᠢᠯᠦᠭ ᠠᠨᠢᠷᠲᠤᠭᠤᠯᠬᠤ ᠨᠤᠲᠤᠭ ᠤ᠋ᠨ ᠵᠠᠮ

                ᠴᠢ᠊ · ᠭᠡᠷᠡᠯᠲᠦ 
ᠡᠨᠡᠬᠡᠨ ᠪᠡᠶ᠎ᠡ ᠶ᠋ᠢ ᠡᠷᠳᠡᠮ ᠳ᠋ᠦ᠍ ᠬᠦᠷᠭᠡᠭᠰᠡᠨ ᠰᠤᠳᠤᠷ ᠤ᠋ᠨ ᠵᠠᠮ 
ᠡᠵᠢ ᠠᠪᠤ ᠳ᠋ᠤ᠌ ᠮᠢᠨᠢ ᠡᠪᠦᠳᠦᠭ ᠰᠥᠬᠦᠷᠡᠭᠦᠯᠦᠨ ᠤᠴᠠᠷᠠᠭᠤᠯᠳᠠᠭ ᠡᠨᠡᠷᠢᠯ ᠦ᠋ᠨ ᠵᠠᠮ 
ᠠᠮᠠᠷᠠᠭ ᠬᠠᠨᠢ ᠪᠠᠨ ᠳᠠᠭᠠᠭᠤᠯᠤᠭᠠᠳ ᠢᠷᠡᠳᠡᠭ ᠬᠥᠮᠦᠰ ᠦ᠋ᠨ ᠥᠯᠵᠡᠢᠲᠦ ᠵᠠᠮ 
ᠠᠬ᠎ᠠ ᠳᠡᠭᠦᠦ ᠨᠠᠷ ᠤ᠋ᠨ ᠨᠠᠢᠷᠰᠠᠭ ᠳᠡᠭᠡᠳᠦᠯᠡᠨ ᠳᠠᠪᠬᠢᠵᠤ ᠢᠷᠡᠳᠡᠭ ᠲᠣᠭᠣᠰᠣᠲᠤ ᠵᠠᠮ  

ᠰᠤᠮᠤᠨ ᠳ᠋ᠤ᠌ ᠬᠠᠶᠠ ᠮᠣᠷᠳᠠᠭᠤᠯᠳᠠᠭ ᠬᠣᠷᠰᠢᠶᠠᠨ ᠤ᠋ ᠵᠠᠮ 
ᠰᠣᠨᠢᠨ ᠢ᠋ ᠪᠠᠢᠩᠭᠤ ᠲᠤᠭᠤᠯᠠᠭᠤᠯᠳᠠᠭ ᠰᠤᠷᠠᠭ ᠤ᠋ᠨ ᠵᠠᠮ 
ᠠᠶᠠᠨ ᠤ᠋ ᠬᠥᠮᠦᠨ ᠳ᠋ᠦ᠍ ᠠᠯᠲᠠᠨ ᠵᠢᠯᠣᠭᠣ ᠪᠣᠯᠳᠠᠭ ᠭᠠᠪᠢᠶᠠᠲᠤ ᠵᠠᠮ 
ᠠᠮᠤᠭᠤᠯᠠᠩ ᠲᠠᠯ᠎ᠠ ᠠ᠋ᠴᠠ ᠳᠡᠯᠡᠬᠡᠢ ᠳ᠋ᠦ᠍ ᠳᠡᠭᠦᠯᠢᠭᠦᠯᠬᠦ ᠨᠤᠲᠤᠭ ᠤ᠋ᠨ ᠰᠢᠷ᠎ᠠ ᠵᠠᠮ  

ᠮᠣᠷᠢ ᠲᠠᠢ ᠮᠠᠰᠢᠨ ᠲᠠᠢ ᠬᠥᠮᠦᠰ ᠦ᠋ᠨ ᠢᠷᠡᠵᠦ ᠪᠤᠴᠠᠳᠠᠭ ᠲᠠᠨᠢᠯ ᠵᠠᠮ 
ᠦᠬᠡᠷ ᠬᠣᠨᠢ ᠠᠪᠳᠠᠭ ᠮᠠᠢᠮᠠᠢᠴᠢᠨ ᠬᠥᠮᠦᠰ ᠦ᠋ᠨ ᠮᠥᠩᠭᠥᠨ ᠵᠠᠮ 
ᠥᠴᠥᠭᠡᠳᠦᠷ ᠥᠨᠥᠳᠥᠷ ᠢ᠋ ᠬᠣᠯᠪᠣᠵᠤ ᠪᠠᠢᠳᠠᠭ ᠲᠡᠦᠬᠡᠲᠦ ᠵᠠᠮ
ᠮᠤᠷᠤᠢ ᠪᠣᠯᠪᠠᠴᠤ ᠲᠦᠮᠡᠨ ᠢ᠋ᠶ᠋ᠡᠨ ᠲᠥᠭᠡᠷᠢᠭᠦᠯᠳᠡᠭ ᠦᠭᠡᠢ ᠦᠨᠡᠨᠴᠢ  ᠵᠠᠮ   

ᠠᠯᠠᠭ ᠣᠷᠴᠢᠯᠠᠩ ᠤ᠋ᠨ ᠦᠨᠡᠨ ᠢ᠋ ᠨᠤᠭᠤᠯᠤᠭ᠎ᠠ ᠪᠦᠬᠦᠨ ᠳ᠋ᠦ᠍ ᠪᠡᠨ ᠰᠢᠩᠭᠡᠭᠡᠭᠰᠡᠨ
ᠬᠥᠳᠡᠭᠡ ᠲᠠᠯ᠎ᠠ ᠶ᠋ᠢᠨ ᠬᠥᠷᠥᠰᠥ  ᠵᠥᠭᠡᠯᠡᠨ ᠬᠥᠭᠵᠢᠯᠲᠦ ᠵᠠᠮ 
ᠦᠨᠳᠦᠰᠦᠲᠡᠨ ᠶᠠᠰᠤᠲᠠᠨ ᠢ᠋ ᠢᠯᠭᠠᠯ ᠦᠭᠡᠢ ᠠᠯᠠᠭᠠᠨ ᠳᠡᠭᠡᠷ᠎ᠡ ᠪᠡᠨ ᠪᠠᠭᠲᠠᠭᠠᠭᠰᠠᠨ 
ᠬᠥᠮᠦᠯᠢᠭ ᠶᠣᠰᠣ ᠲᠠᠢ ᠲᠠᠯ᠎ᠠ ᠨᠤᠲᠤᠭ ᠤ᠋ᠨ ᠴᠠᠭᠠᠨ ᠵᠠᠮ ᠶᠤᠮ 
ᠮᠢᠨᠦ ᠨᠤᠲᠤᠭ ᠤ᠋ᠨ ᠵᠠᠮ! 
 ᠦᠰᠦᠭ ᠠᠮᠢᠯᠠᠭᠤᠯᠤᠭᠴᠢ᠄ ᠴᠢ᠊ · ᠭᠡᠷᠡᠯᠲᠦ
 ᠦᠰᠦᠭ ᠬᠠᠳᠠᠭᠴᠢ᠄ ᠴᠢ᠊ · ᠭᠡᠷᠡᠯᠲᠦ
 ᠬᠢᠨᠠᠭᠴᠢ᠄  ᠲᠥᠮᠡᠨᠴᠡᠴᠡᠭ