ᠠᠯᠲᠠᠨ ᠣᠭᠲᠣᠯᠤᠯ- ᠬᠡᠷᠡᠢᠳ ᠮᠥᠩᠬᠡᠨᠠᠰᠤᠨАлтан огтлол-Хэрэйд Мөнхнасан
ᠠᠯᠲᠠᠨ ᠣᠭᠲᠣᠯᠤᠯ
ᠵᠣᠬᠢᠶᠠᠭᠴᠢ᠄ ᠬᠡᠷᠡᠢᠳ ᠮᠥᠩᠬᠡᠨᠠᠰᠤᠨ
ᠤᠶᠠᠩᠭᠠᠯᠠᠭᠴᠢ᠄ ᠰᠣᠯᠤᠩᠭ᠎ᠠ
ᠬᠥᠬᠡ ᠲᠡᠭᠷᠢ ᠶ᠋ᠢᠨ ᠬᠤᠷ᠎ᠠ ᠬᠥᠮᠥᠰᠬᠡ ᠵᠦᠰᠦᠨ ᠪᠠᠭᠤᠬᠤᠶᠠ
ᠬᠥᠭᠡᠷᠦᠬᠦᠢ ᠰᠡᠳᠬᠢᠯ ᠦ᠋ᠨ ᠵᠦᠰᠡ ᠮᠡᠯᠮᠡᠢ ᠵᠢᠩᠳᠡᠭᠦᠯᠦᠨ ᠠᠰᠬᠠᠷᠠᠨᠠᠮ
ᠬᠥᠳᠡᠭᠡ ᠶ᠋ᠢᠨ ᠭᠣᠴᠣ ᠶ᠋ᠢ ᠪᠠᠬᠠᠷᠬᠠᠵᠤ ᠭᠤᠨᠢᠭ ᠤ᠋ᠨ ᠡᠭᠦᠯᠡ ᠶ᠋ᠢ ᠦᠯᠳᠡᠬᠦᠶᠡ
ᠬᠥᠪᠴᠢᠨ ᠣᠢ ᠳ᠋ᠤ᠌ ᠳᠣᠩᠭᠣᠳᠬᠤ ᠬᠥᠬᠥᠭᠡ ᠶ᠋ᠢᠨ ᠳᠠᠭᠤᠨ ᠢᠷᠠᠭᠤᠬᠠᠨ
ᠬᠥᠪᠥᠩ ᠡᠭᠦᠯᠡ ᠶ᠋ᠢ ᠪᠤᠲᠠᠷᠠᠭᠠᠵᠤ ᠵᠠᠭᠤᠷᠠᠳᠤ ᠶ᠋ᠢᠨ ᠰᠠᠯᠬᠢ ᠳᠡᠭᠳᠡᠬᠦᠶᠡ
ᠬᠦᠨᠳᠦ ᠰᠡᠳᠬᠢᠯ ᠡᠮᠵᠡᠭᠯᠡᠵᠦ ᠲᠣᠷᠭᠠᠨ ᠢᠭᠳᠥᠯᠥᠯ ᠰᠣᠶᠤᠭᠠᠯᠠᠨᠠᠮ
ᠬᠥᠨᠥᠭ ᠲᠡᠢ ᠰᠠᠭᠭᠠᠭᠰᠠᠨ ᠴᠡᠬᠡ ᠳ᠋ᠦ᠍ ᠬᠡᠷᠢᠶᠡᠨ ᠦ᠌ ᠥᠳᠥ ᠤᠨᠠᠬᠤᠶᠠ
ᠬᠥᠩᠭᠡᠨ ᠰᠡᠭᠦᠷᠡᠰᠦ ᠠᠰᠬᠠᠷᠠᠵᠤ ᠪᠣᠳᠣᠯ ᠤ᠋ᠨ ᠲᠡᠭᠷᠢ ᠡᠭᠦᠯᠡᠳᠦᠨᠡᠮ
ᠠᠳᠬᠤ ᠪᠣᠯᠵᠣᠮᠣᠷ ᠵᠢᠭᠦᠷ ᠳᠡᠯᠭᠡᠨ ᠬᠣᠯᠠ ᠶ᠋ᠢ ᠵᠣᠷᠢᠨ ᠣᠳᠬᠤᠶᠠ
ᠠᠭᠠᠳ ᠴᠢᠨᠦ ᠵᠣᠷᠢᠯ ᠬᠦᠰᠡᠯ ᠠᠯᠤᠰ ᠪᠠᠢᠬᠤ ᠨᠢ ᠢᠯᠡᠷᠬᠡᠢ
ᠠᠷᠠᠯᠵᠢᠨ ᠥᠩᠭᠡᠷᠡᠬᠦ ᠴᠠᠭ ᠬᠤᠭᠤᠴᠠᠭ᠎ᠠ ᠶ᠋ᠢ ᠨᠠᠷᠢᠪᠴᠢ ᠲᠤᠩᠭᠠᠨ ᠦᠵᠡᠬᠦᠶ᠎ᠡ
ᠠᠶ᠎ᠠ ᠮᠢᠨᠦ ᠠᠯᠲᠠᠨ ᠣᠭᠲᠣᠯᠤᠯ ᠠᠭᠠᠳ ᠳᠡᠷᠭᠡᠯᠰᠢᠬᠦ ᠢᠨᠤ ᠲᠣᠳᠣᠷᠬᠠᠢ
ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠤᠨ
ᠦᠰᠦᠭ ᠬᠠᠲᠠᠭᠴᠢ᠄ ᠥᠯᠵᠡᠢᠪᠠᠭᠠᠲᠤᠷ
ᠬᠢᠨᠠᠭᠴᠢ᠄ ᠣᠳᠬᠠᠨᠰᠣ᠎ᠠ
