ᠠᠷᠴᠢᠶ᠎ᠠ ᠰᠠᠢᠳ ᠤ᠋ᠨ ᠲᠠᠢᠵᠢАрчъя сайдын тайж
ᠡᠷᠲᠡ ᠤᠷᠢᠳᠤ ᠶ᠋ᠢᠨ ᠴᠠᠭ ᠲᠤ᠌᠂ ᠬᠡᠳᠦᠢᠨ ᠬᠡᠳᠦᠢᠨ ᠴᠠᠭ ᠲᠤ᠌᠂ ᠠᠷᠴᠢᠶ᠎ᠠ ᠭᠡᠳᠡᠭ ᠨᠡᠷ᠎ᠡ ᠲᠡᠢ ᠨᠢᠭᠡ ᠰᠠᠢᠳ ᠪᠠᠢᠵᠤ ᠭᠡᠨ᠎ᠡ᠃ ᠲᠡᠷᠡ ᠰᠠᠢᠳ ᠨᠢᠭᠡ ᠲᠠᠢᠵᠢ ᠲᠠᠢ ᠶᠤᠮ ᠪᠠᠢᠵᠤ᠂ ᠠᠮᠢᠲᠠᠨ ᠬᠤᠰᠢᠭᠤᠨ ᠲᠡᠭᠦᠨ ᠢ ᠠᠷᠴᠢᠶ᠎ᠠ ᠰᠠᠢᠳ ᠤ᠋ᠨ ᠲᠠᠢᠵᠢ ᠭᠡᠵᠦ ᠳᠠᠭᠤᠳᠠᠳᠠᠭ ᠶᠤᠮ ᠪᠠᠢᠵᠠᠢ᠃
ᠨᠢᠭᠡᠨ ᠡᠳᠦᠷ᠂ ᠨᠢᠭᠡ ᠥᠯᠥᠨ ᠬᠥᠬᠡ ᠥᠯᠥᠭᠴᠢᠨ ᠴᠢᠨᠣ᠎ᠠ ᠬᠣᠶᠠᠷ ᠪᠡᠯᠲᠡᠷᠭᠡ ᠲᠡᠢ ᠪᠡᠨ ᠶᠠᠪᠤᠭᠠᠳ ᠠᠷᠴᠢᠶ᠎ᠠ ᠰᠠᠢᠳ ᠤ᠋ᠨ ᠠᠳᠤᠭᠤᠨ ᠤ᠋ ᠵᠠᠬ᠎ᠠ ᠳ᠋ᠤ᠌ ᠢᠷᠡᠭᠰᠡᠨ ᠳ᠋ᠦ᠍ ᠳᠣᠯᠣᠭᠠᠨ ᠰᠠᠢᠬᠠᠨ ᠰᠤᠪᠠᠢ ᠲᠠᠷᠭᠤᠨ ᠭᠡᠭᠦᠦ ᠠᠳᠤᠭᠤᠨ ᠳᠣᠲᠣᠷ᠎ᠠ ᠥᠭᠡᠳᠡ ᠤᠷᠤᠭᠤ ᠰᠢᠪᠲᠤ ᠰᠢᠪᠲᠤ ᠥᠩᠭᠡᠷᠡᠭᠡᠳ ᠲᠣᠭᠲᠠᠵᠤ ᠶᠠᠳᠠᠨ ᠪᠠᠢᠬᠤ ᠶ᠋ᠢ ᠴᠢᠨᠣ᠎ᠠ ᠶ᠋ᠢᠨ ᠬᠣᠶᠠᠷ ᠪᠡᠯᠲᠡᠷᠭᠡ ᠦᠵᠡᠭᠡᠳ ᠬᠣᠪᠳᠣᠭ ᠰᠢᠯᠦᠰᠦ ᠨᠢ ᠠᠯᠲᠠ ᠭᠣᠭᠣᠵᠢᠵᠤ ᠡᠬᠡ ᠳ᠋ᠡᠭᠡᠨ᠄
《ᠡᠬᠡ᠂ ᠡᠬᠡ᠂ ᠡᠨᠡ ᠳᠣᠯᠣᠭᠠᠨ ᠰᠠᠢᠬᠠᠨ ᠲᠠᠷᠭᠤᠨ ᠭᠡᠭᠦᠨ ᠡᠴᠡ ᠨᠢ ᠨᠢᠭᠡ ᠶ᠋ᠢ ᠨᠢ ᠪᠠᠷᠢᠵᠤ ᠢᠳᠡᠶ᠎ᠡ!》 ᠭᠡᠰᠡᠨ ᠳ᠋ᠦ᠍ ᠡᠬᠡ ᠨᠢ᠄
《ᠡᠨᠡ ᠳᠣᠯᠣᠭᠠᠨ ᠭᠡᠭᠦᠦ ᠡᠴᠡ ᠢᠳᠡᠵᠦ ᠪᠣᠯᠬᠤ ᠦᠭᠡᠢ᠂ ᠠᠷᠴᠢᠶ᠎ᠠ ᠰᠠᠢᠳ ᠲᠤ᠌ ᠠᠷᠭ᠎ᠠ ᠦᠭᠡᠢ ᠬᠤᠷᠳᠤᠨ ᠬᠡᠳᠦᠨ ᠮᠣᠷᠢ ᠪᠠᠢᠬᠤ ᠶᠤᠮ᠃ ᠲᠡᠷᠡ ᠬᠡᠷᠪᠡ ᠣᠯᠵᠤ ᠮᠡᠳᠡᠭᠡᠳ ᠮᠠᠨᠤᠰ ᠢ ᠠᠯᠠᠬᠤ ᠪᠠᠷ ᠳᠠᠪᠢᠷᠠᠭᠤᠯᠪᠠᠯ᠂ ᠥᠭᠡᠬᠦ ᠬᠣᠷᠠᠭᠤ ᠢᠳᠡᠭᠰᠡᠨ ᠮᠠᠨᠤᠰ ᠭᠦᠶᠦᠵᠦ ᠴᠢᠳᠠᠬᠤ ᠦᠭᠡᠢ ᠪᠡᠷ ᠲᠡᠭᠦᠨ ᠳ᠋ᠦ᠍ ᠪᠠᠷᠢᠭᠳᠠᠨ ᠠᠯᠠᠭᠳᠠᠨ᠎ᠠ ᠰᠢᠦ᠂ ᠬᠠᠷᠢᠨ ᠲᠡᠷᠡ ᠠᠳᠤᠭᠤᠨ ᠤ᠋ ᠵᠠᠬ᠎ᠠ ᠳ᠋ᠤ᠌ ᠬᠡᠪᠲᠡᠵᠦ ᠪᠠᠢᠭ᠎ᠠ ᠡᠴᠡᠭᠰᠡᠨ ᠬᠡᠭᠡᠷ ᠭᠡᠭᠦᠦ ᠶ᠋ᠢ ᠪᠠᠷᠢᠵᠤ ᠢᠳᠡᠶ᠎ᠡ!》 ᠭᠡᠵᠡᠢ᠃ ᠭᠡᠲᠡᠯ᠎ᠡ ᠬᠣᠶᠠᠷ ᠪᠡᠯᠲᠡᠷᠭᠡ ᠨᠢ ᠡᠬᠡ ᠶ᠋ᠢᠨ ᠢ᠋ᠶ᠋ᠡᠨ ᠦᠭᠡ ᠶ᠋ᠢ ᠰᠣᠨᠣᠰᠤᠯ ᠦᠭᠡᠢ ᠪᠡᠷ ᠳᠣᠯᠣᠭᠠᠨ ᠰᠤᠪᠠᠢ ᠭᠡᠭᠦᠨ ᠦ᠌ ᠳᠣᠲᠣᠷ᠎ᠠ ᠠ᠋ᠴᠠ ᠨᠢᠭᠡ ᠶ᠋ᠢ ᠪᠠᠷᠢᠵᠤ ᠠᠪᠤᠭᠠᠳ ᠢᠳᠡᠵᠡᠢ᠃
ᠠᠷᠴᠢᠶ᠎ᠠ ᠰᠠᠢᠳ ᠤ᠋ᠨ ᠲᠠᠢᠵᠢ ᠠᠳᠤᠭᠤ ᠪᠠᠨ ᠡᠷᠭᠢᠬᠦ ᠪᠡᠷ ᠬᠦᠷᠴᠦ ᠢᠷᠡᠭᠰᠡᠨ ᠳ᠋ᠦ᠍ ᠭᠤᠷᠪᠠᠨ ᠴᠢᠨᠣ᠎ᠠ ᠲᠠᠷᠭᠤᠨ ᠰᠤᠪᠠᠢ ᠭᠡᠭᠦᠦ ᠶ᠋ᠢ ᠨᠢ ᠢᠳᠡᠵᠦ ᠳᠠᠭᠤᠰᠤᠭᠠᠳ ᠴᠠᠭᠠᠷ᠎ᠠ ᠭᠠᠷᠴᠤ ᠪᠠᠢᠵᠠᠢ᠃ ᠠᠷᠴᠢᠶ᠎ᠠ ᠰᠠᠢᠳ ᠤ᠋ᠨ ᠲᠠᠢᠵᠢ ᠠᠭᠤᠷᠯᠠᠬᠤ ᠶ᠋ᠢᠨ ᠶᠡᠬᠡ ᠪᠡᠷ ᠠᠭᠤᠷᠯᠠᠵᠤ᠂ ᠭᠤᠷᠪᠠᠨ ᠴᠢᠨᠣ᠎ᠠ ᠶ᠋ᠢᠨ ᠠᠷᠤ ᠠ᠋ᠴᠠ ᠳᠠᠪᠢᠷᠠᠭᠤᠯᠵᠤ ᠡᠯᠳᠡᠭᠡᠳ ᠬᠣᠶᠠᠷ ᠪᠡᠯᠲᠡᠷᠭᠡ ᠶ᠋ᠢ ᠨᠢ ᠭᠦᠢᠴᠡᠵᠦ ᠠᠪᠤᠭᠠᠳ ᠴᠣᠬᠢᠨ ᠠᠯᠠᠵᠤ᠂ ᠡᠬᠡ ᠶ᠋ᠢ ᠨᠢ ᠳᠠᠪᠠᠷᠠᠬᠤᠯᠤᠭᠰᠠᠨ ᠳ᠋ᠤ᠌ ᠥᠯᠥᠭᠴᠢᠨ ᠴᠢᠨᠣ᠎ᠠ᠄《ᠡᠨᠡ ᠪᠠᠷᠤᠭ ᠳᠤᠩᠭᠤᠢ ᠭᠡᠭᠦᠨ ᠦ᠌ ᠤᠨᠠᠭ᠎ᠠ ᠤᠨᠤᠵᠤ ᠪᠠᠢᠬᠤ ᠮᠠᠭᠠᠳ ᠦᠭᠡᠢ》 ᠭᠡᠵᠦ ᠪᠣᠳᠣᠭᠠᠳ ᠭᠠᠵᠠᠷ ᠤᠷᠤᠭᠤ ᠳᠤᠲᠠᠭᠠᠭᠰᠠᠨ ᠳ᠋ᠤ᠌ ᠠᠷᠴᠢᠶ᠎ᠠ ᠰᠠᠢᠳ ᠤ᠋ᠨ ᠲᠠᠢᠵᠢ ᠶᠣᠰᠣᠲᠠᠢ ᠲᠣᠩᠭᠣᠢ ᠭᠡᠭᠦᠨ ᠦ᠌ ᠤᠨᠠᠭ᠎ᠠ ᠤᠨᠤᠵᠤ ᠪᠠᠢᠭᠰᠠᠨ ᠪᠣᠯᠬᠣᠷ ᠡᠰᠡ ᠭᠦᠢᠴᠡᠵᠡᠢ᠃ ᠲᠡᠭᠡᠭᠡᠳ ᠨᠢᠭᠡ ᠬᠥᠭᠰᠢᠨ ᠭᠡᠭᠦᠨ ᠦ᠌ ᠤᠨᠠᠭ᠎ᠠ ᠶ᠋ᠢ ᠰᠣᠯᠢᠵᠤ ᠤᠨᠤᠭᠠᠳ ᠲᠡᠷᠡ ᠴᠢᠨᠣ᠎ᠠ ᠶ᠋ᠢ ᠬᠥᠭᠡᠭᠡᠭᠰᠡᠨ ᠳ᠋ᠦ᠍ ᠴᠢᠨᠣ᠎ᠠ᠄《ᠡᠨᠡ ᠪᠠᠷᠤᠭ ᠬᠥᠭᠰᠢᠨ ᠭᠡᠭᠦᠨ ᠦ᠌ ᠤᠨᠠᠭ᠎ᠠ ᠶ᠋ᠢ ᠰᠣᠯᠢᠵᠤ ᠤᠨᠤᠭᠠᠳ ᠢᠷᠡᠵᠦ ᠪᠠᠢᠬᠤ ᠮᠠᠭᠠᠳ ᠦᠭᠡᠢ》 ᠭᠡᠵᠦ ᠪᠣᠳᠣᠭᠠᠳ ᠭᠠᠵᠠᠷ ᠥᠭᠡᠳᠡ ᠡᠷᠭᠢᠵᠦ ᠠᠪᠤᠭᠠᠳ ᠳᠤᠲᠠᠭᠠᠭᠰᠠᠨ ᠳ᠋ᠤ᠌ ᠲᠡᠷᠡ ᠲᠠᠢᠵᠢ ᠶᠠᠭ ᠬᠥᠭᠰᠢᠨ ᠭᠡᠭᠦᠨ ᠦ᠌ ᠤᠨᠠᠭ᠎ᠠ ᠤᠨᠤᠵᠤ ᠪᠠᠢᠭᠰᠠᠨ ᠲᠤᠯᠠ ᠡᠰᠡ ᠭᠦᠢᠴᠡᠵᠡᠢ᠃ ᠲᠡᠭᠡᠭᠡᠳ ᠠᠷᠴᠢᠶ᠎ᠠ ᠰᠠᠢᠳ ᠤ᠋ᠨ ᠲᠠᠢᠵᠢ ᠨᠢᠭᠡ ᠢᠳᠡ ᠭᠡᠭᠦᠨ ᠦ᠌ ᠤᠨᠠᠭ᠎ᠠ ᠶ᠋ᠢ ᠰᠣᠯᠢᠵᠤ ᠤᠨᠤᠭᠠᠳ ᠴᠢᠨᠣ᠎ᠠ ᠶ᠋ᠢ ᠬᠥᠭᠡᠭᠡᠵᠦ ᠭᠦᠢᠴᠡᠵᠦ ᠠᠪᠤᠭᠠᠳ ᠠᠯᠠᠵᠤ ᠭᠡᠳᠡᠷᠭᠦ ᠪᠡᠨ ᠪᠤᠴᠠᠬᠤ ᠭᠡᠰᠡᠨ ᠳ᠋ᠦ᠍ ᠨᠤᠲᠤᠭ ᠤᠰᠤᠨ ᠤ᠋ ᠪᠠᠨ ᠵᠠᠬ᠎ᠠ ᠠ᠋ᠴᠠ ᠭᠠᠷᠤᠭᠠᠳ ᠨᠡᠯᠢᠶᠡᠳ ᠬᠣᠯᠠ ᠶᠠᠪᠤᠭᠰᠠᠨ ᠪᠣᠯᠬᠣᠷ ᠭᠡᠳᠡᠷᠭᠦ ᠪᠤᠴᠠᠬᠤ ᠵᠠᠮ ᠢ᠋ᠶ᠋ᠠᠨ ᠠᠯᠳᠠᠭᠠᠳ ᠲᠥᠭᠡᠷᠢᠵᠡᠢ ᠭᠡᠨ᠎ᠡ᠃ ᠲᠡᠷᠡ ᠨᠤᠲᠤᠭ ᠤᠰᠤ ᠪᠠᠨ ᠬᠠᠢᠵᠤ ᠶᠠᠪᠤᠭᠰᠠᠭᠠᠷ ᠪᠠᠢᠭᠠᠳ ᠬᠠᠷᠢᠨ ᠨᠢᠭᠡ ᠲᠠᠨᠢᠳᠠᠭ ᠮᠡᠳᠡᠳᠡᠭ ᠦᠭᠡᠢ ᠬᠠᠭᠠᠨ ᠤ᠋ ᠳ᠋ᠤ᠌ ᠬᠦᠷᠴᠦ᠂ ᠲᠡᠭᠦᠨ ᠦ᠌ ᠠᠳᠤᠭᠤᠴᠢᠨ ᠪᠣᠯᠤᠭᠠᠳ ᠰᠠᠭᠤᠵᠠᠢ ᠭᠡᠨ᠎ᠡ᠃
ᠨᠢᠭᠡᠨ ᠡᠳᠦᠷ᠂ ᠠᠷᠴᠢᠶ᠎ᠠ ᠰᠠᠢᠳ ᠤ᠋ᠨ ᠲᠠᠢᠵᠢ ᠬᠠᠭᠠᠨ ᠤ᠋ ᠠᠳᠤᠭᠤᠴᠢᠨ ᠲᠠᠢ ᠬᠠᠮᠲᠤ ᠠᠳᠤᠭᠤ ᠬᠠᠷᠢᠭᠤᠯᠤᠭᠠᠳ ᠶᠠᠪᠤᠵᠤ ᠪᠠᠢᠲᠠᠯ᠎ᠠ ᠨᠢᠭᠡ ᠦᠬᠦᠭᠰᠡᠨ ᠮᠣᠷᠢᠨ ᠤ᠋ ᠴᠠᠭᠠᠨ ᠶᠠᠰᠤᠨ ᠲᠣᠯᠣᠭᠠᠢ ᠬᠡᠪᠲᠡᠵᠦ ᠪᠠᠢᠵᠠᠢ᠃ ᠲᠡᠷᠡ᠄
《ᠠ ᠬᠥᠭᠡᠷᠦᠬᠦᠢ᠂ ᠠᠷᠠᠨᠵᠤᠯᠠ ᠶ᠋ᠢᠨ ᠲᠣᠯᠣᠭᠠᠢ ᠭᠡᠵᠦ ᠴᠢᠮᠠᠶ᠋ᠢ ᠬᠡᠯᠡᠳᠡᠭ ᠪᠠᠢᠨ᠎ᠠ! ᠠᠷᠴᠢᠶ᠎ᠠ ᠰᠠᠢᠳ ᠤ᠋ᠨ ᠲᠠᠢᠵᠢ ᠭᠡᠵᠦ ᠨᠠᠮᠠᠶ᠋ᠢ ᠬᠡᠯᠡᠳᠡᠭ ᠪᠠᠢᠨ᠎ᠠ!》 ᠭᠡᠳ ᠴᠠᠭᠠᠨ ᠶᠠᠰᠤᠨ ᠲᠣᠯᠣᠭᠠᠢ ᠶ᠋ᠢ ᠡᠷᠭᠢᠭᠦᠯᠵᠦ ᠤᠷᠪᠠᠭᠤᠯᠤᠭᠠᠳ ᠬᠠᠯᠢᠶᠠᠵᠤ ᠪᠠᠢᠵᠠᠢ᠃
ᠠᠰᠠᠬᠤᠨ ᠪᠣᠯᠬᠤ ᠳ᠋ᠤ᠌ ᠬᠣᠶᠠᠭᠤᠯᠠ ᠪᠠᠨ ᠠᠳᠤᠭᠤ ᠪᠠᠨ ᠲᠠᠭᠤᠭᠠᠳ ᠭᠡᠷ ᠲᠡᠭᠡᠨ ᠢᠷᠡᠭᠰᠡᠨ ᠦ᠌ ᠳᠠᠷᠠᠭ᠎ᠠ ᠬᠠᠭᠠᠨ ᠤ᠋ ᠠᠳᠤᠭᠤᠴᠢᠨ ᠬᠠᠭᠠᠨ ᠤ᠋ ᠪᠠᠨ ᠬᠠᠵᠠᠭᠤ ᠳ᠋ᠤ᠌ ᠬᠦᠷᠴᠦ᠄
《ᠲᠡᠷᠡ ᠮᠠᠭᠤ ᠬᠥᠪᠡᠭᠦᠨ ᠥᠨᠥᠳᠥᠷ ᠨᠢᠭᠡ ᠦᠬᠦᠭᠰᠡᠨ ᠮᠣᠷᠢᠨ ᠤ᠋ ᠴᠠᠭᠠᠨ ᠶᠠᠰᠤᠨ ᠲᠣᠯᠣᠭᠠᠢ ᠶ᠋ᠢ ᠣᠯᠵᠤ ᠠᠪᠤᠭᠠᠳ <ᠠ ᠬᠥᠭᠡᠷᠦᠬᠦᠢ! ᠠᠷᠠᠨᠵᠤᠯᠠ ᠶ᠋ᠢᠨ ᠲᠣᠯᠣᠭᠠᠢ ᠭᠡᠵᠦ ᠴᠢᠮᠠᠶ᠋ᠢ ᠬᠡᠯᠡᠳᠡᠭ ᠪᠠᠢᠨ᠎ᠠ᠂ ᠠᠷᠴᠢᠶ᠎ᠠ ᠰᠠᠢᠳ ᠤ᠋ᠨ ᠲᠠᠢᠵᠢ ᠭᠡᠵᠦ ᠨᠠᠮᠠᠶ᠋ᠢ ᠬᠡᠯᠡᠳᠡᠭ ᠪᠠᠢᠨ᠎ᠠ>ᠭᠡᠳ ᠡᠷᠭᠢᠭᠦᠯᠵᠦ ᠤᠷᠪᠠᠭᠤᠯᠤᠭᠠᠳ ᠰᠠᠭᠤᠪᠠ》 ᠭᠡᠵᠦ ᠮᠡᠳᠡᠭᠦᠯᠦᠭᠰᠡᠨ ᠳ᠋ᠦ᠍ ᠬᠠᠭᠠᠨ ᠠᠷᠴᠢᠶ᠎ᠠ ᠰᠠᠢᠳ ᠤ᠋ᠨ ᠲᠠᠢᠵᠢ ᠶ᠋ᠢ ᠬᠠᠵᠠᠭᠤ ᠳ᠋ᠠᠭᠠᠨ ᠳᠠᠭᠤᠳᠠᠵᠤ ᠢᠷᠡᠭᠡᠳ᠄
《ᠴᠢ ᠠᠷᠴᠢᠶ᠎ᠠ ᠰᠠᠢᠳ ᠤ᠋ᠨ ᠲᠠᠢᠵᠢ ᠮᠥᠨ ᠪᠣᠢ ᠤᠤ?》
《ᠮᠥᠨ!》
《ᠴᠢ ᠠᠷᠠᠨᠵᠤᠯᠠ ᠶ᠋ᠢ ᠲᠠᠨᠢᠳᠠᠭ ᠪᠣᠢ ᠤᠤ?》
《ᠲᠠᠨᠢᠳᠠᠭ!》
《ᠲᠡᠭᠡᠭᠡᠳ ᠮᠠᠨ ᠤ᠋ ᠠᠳᠤᠭᠤᠨ ᠳᠣᠲᠣᠷ᠎ᠠ ᠠᠷᠠᠨᠵᠤᠯᠠ ᠪᠠᠢᠨᠠᠤ?》
《ᠪᠠᠢᠨ᠎ᠠ!》
《ᠲᠡᠭᠡᠭᠡᠳ ᠮᠠᠷᠭᠠᠰᠢ ᠥᠷᠯᠥᠭᠡ ᠴᠢ ᠠᠷᠠᠨᠵᠤᠯᠠ ᠪᠠᠨ ᠤᠨᠤᠭᠠᠳ ᠨᠤᠲᠤᠭ ᠲᠠᠭᠠᠨ ᠪᠤᠴᠠ! ᠴᠢᠨᠦ ᠨᠤᠲᠤᠭ ᠤ᠋ᠨ ᠵᠠᠬ᠎ᠠ ᠶ᠋ᠢ ᠮᠠᠨᠤᠰ ᠬᠡᠯᠡᠵᠦ ᠥᠭᠭᠦᠶ᠎ᠡ!》 ᠭᠡᠵᠦ ᠬᠡᠯᠡᠭᠡᠳ ᠶᠠᠪᠤᠭᠤᠯᠵᠠᠢ᠃
ᠮᠠᠷᠭᠠᠰᠢ ᠥᠷᠯᠥᠭᠡ ᠨᠢ ᠬᠠᠭᠠᠨ ᠤ᠋ ᠬᠢᠨ ᠠᠳᠤᠭᠤ ᠪᠠᠨ ᠬᠥᠭᠡᠭᠡᠵᠦ ᠢᠷᠡᠭᠡᠳ᠄
《ᠵᠠ ᠬᠥᠪᠡᠭᠦᠨ! ᠴᠢᠨᠦ ᠲᠠᠨᠢᠳᠠᠭ ᠮᠡᠳᠡᠳᠡᠭ ᠠᠷᠠᠨᠵᠤᠯᠠ ᠠᠯᠢ ᠪᠣᠢ? ᠣᠳᠣ ᠴᠢ ᠲᠡᠭᠦᠨ ᠢ᠋ᠶ᠋ᠡᠨ ᠪᠠᠷᠢᠵᠤ ᠠᠪᠤᠭᠠᠳ ᠨᠤᠲᠤᠭ ᠤᠰᠤᠨ ᠳ᠋ᠠᠭᠠᠨ ᠬᠠᠷᠢ!》 ᠭᠡᠰᠡᠨ ᠳ᠋ᠦ᠍ ᠠᠷᠴᠢᠶ᠎ᠠ ᠰᠠᠢᠳ ᠤ᠋ᠨ ᠲᠠᠢᠵᠢ ᠠᠳᠤᠭᠤᠨ ᠳᠣᠲᠣᠷ᠎ᠠ ᠠ᠋ᠴᠠ ᠨᠢᠭᠡ ᠮᠠᠭᠤ ᠨᠢᠷᠤᠭᠤᠨ ᠳᠡᠭᠡᠷ᠎ᠡ ᠨᠢ ᠬᠡᠷᠢᠶ᠎ᠡ ᠱᠠᠭᠠᠵᠠᠭᠠᠢ ᠶ᠋ᠢᠨ ᠪᠠᠭᠠᠰᠤ ᠨᠠᠭᠠᠯᠳᠤᠭᠰᠠᠨ ᠳᠠᠭᠠᠬᠢ ᠲᠠᠢ ᠬᠡᠭᠡᠷ ᠳᠠᠭ᠎ᠠ ᠪᠠᠷᠢᠭᠠᠳ ᠠᠪᠴᠠᠢ᠃ ᠠᠮᠢᠲᠠᠨ ᠬᠤᠰᠢᠭᠤᠨ ᠲᠡᠭᠦᠨ ᠢ᠋ ᠦᠵᠡᠭᠡᠳ᠄
《ᠴᠢᠨᠦ ᠰᠠᠢᠬᠠᠨ ᠠᠷᠠᠨᠵᠤᠯᠠ ᠭᠡᠭᠴᠢ ᠡᠨᠡ ᠪᠠᠢᠬᠤ ᠪᠠᠢᠨ᠎ᠠ᠃》 ᠭᠡᠳ ᠬᠥᠬᠡ ᠡᠯᠢᠭᠡ ᠨᠢ ᠬᠥᠰᠢᠲᠡᠯ᠎ᠡ ᠢᠨᠢᠶᠡᠯᠳᠦᠵᠦ᠂ ᠲᠡᠷᠡ ᠳᠠᠭᠠᠬᠢ ᠲᠠᠢ ᠬᠡᠭᠡᠷ ᠳᠠᠭ᠎ᠠ ᠶ᠋ᠢ ᠨᠢ ᠲᠣᠬᠣᠵᠤ ᠥᠭᠴᠡᠢ᠂ ᠠᠷᠴᠢᠶ᠎ᠠ ᠰᠠᠢᠳ ᠤ᠋ᠨ ᠲᠠᠢᠵᠢ᠄
《ᠣᠳᠣ ᠲᠠᠨᠤᠰ ᠮᠢᠨᠦ ᠡᠨᠡ ᠠᠷᠠᠨᠵᠤᠯᠠ ᠳ᠋ᠤ᠌ ᠬᠣᠶᠠᠷ ᠳᠠᠩ ᠪᠤᠷ᠎ᠠ ᠲᠡᠩᠨᠡᠵᠦ ᠥᠭ!》 ᠭᠡᠰᠡᠨ ᠳ᠋ᠦ᠍ ᠮᠥᠨ ᠬᠣᠶᠠᠷ ᠳᠠᠩ ᠪᠤᠷ᠎ᠠ ᠳᠠᠩᠨᠠᠭᠠᠳ ᠥᠭᠴᠡᠢ᠃
ᠠᠷᠴᠢᠶ᠎ᠠ ᠰᠠᠢᠳ ᠤ᠋ᠨ ᠲᠠᠢᠵᠢ ᠳᠠᠭᠠᠬᠢ ᠲᠠᠢ ᠬᠡᠭᠡᠷ ᠳᠠᠭ᠎ᠠ ᠪᠠᠨ ᠤᠨᠤᠭᠠᠳ ᠭᠠᠷᠬᠤ ᠳ᠋ᠤ᠌ ᠬᠤᠰᠢᠭᠤᠨ ᠤ᠋ ᠠᠮᠢᠲᠠᠨ ᠲᠡᠭᠦᠨ ᠢ᠋ ᠨᠤᠲᠤᠭ ᠤ᠋ᠨ ᠬᠢᠨᠢ ᠵᠠᠬ᠎ᠠ ᠳ᠋ᠤ᠌ ᠬᠦᠷᠭᠡᠬᠦ ᠪᠡᠷ ᠬᠠᠮᠲᠤ ᠭᠠᠷᠤᠭᠠᠳ᠄
《ᠣᠳᠣ ᠴᠢ ᠡᠢᠮᠦ ᠰᠠᠢᠬᠠᠨ ᠠᠷᠠᠨᠵᠤᠯᠠ ᠪᠠᠨ ᠤᠨᠤᠭᠠᠳ ᠬᠡᠵᠢᠶ᠎ᠡ ᠭᠡᠷ ᠦ᠋ᠨ ᠢ᠋ᠶ᠋ᠡᠨ ᠪᠠᠷᠠᠭ᠎ᠠ ᠠᠪᠬᠤ ᠪᠣᠢ?》 ᠭᠡᠳ ᠨᠠᠭᠠᠳᠤᠮ ᠱᠣᠭ ᠬᠢᠵᠦ᠂ ᠥᠨᠳᠥᠷ ᠥᠨᠳᠥᠷ ᠲᠠᠷᠭᠤᠨ ᠲᠠᠷᠭᠤᠨ ᠮᠣᠷᠢ ᠪᠠᠷ ᠢ᠋ᠶ᠋ᠠᠨ ᠬᠠᠵᠠᠭᠤ ᠪᠠᠷ ᠨᠢ ᠲᠠᠯᠪᠢᠭᠠᠳ ᠲᠠᠯᠪᠢᠭᠠᠳ ᠥᠩᠭᠡᠷᠡᠵᠦ ᠪᠠᠢᠵᠠᠢ᠃ ᠠᠷᠴᠢᠶ᠎ᠠ ᠰᠠᠢᠳ ᠤ᠋ᠨ ᠲᠠᠢᠵᠢ ᠠᠮᠢᠲᠠᠨ ᠤ᠋ ᠠᠷᠤ ᠠ᠋ᠴᠠ ᠭᠦᠢᠴᠡᠵᠦ ᠶᠠᠳᠠᠨ ᠶᠠᠪᠤᠬᠤ ᠳ᠋ᠠᠭᠠᠨ ᠲᠡᠩᠨᠡᠵᠦ ᠠᠪᠤᠭᠰᠠᠨ ᠪᠤᠷ᠎ᠠ ᠪᠠᠨ ᠨᠢᠭᠡ ᠨᠢᠭᠡ ᠪᠡᠷ ᠰᠤᠭᠤᠯᠵᠤ ᠠᠪᠤᠭᠠᠳ ᠳᠠᠭᠠᠬᠢ ᠲᠠᠢ ᠬᠡᠭᠡᠷ ᠳᠠᠭ᠎ᠠ ᠪᠠᠨ ᠭᠤᠶᠠᠳᠠᠨ ᠶᠠᠪᠤᠭᠰᠠᠭᠠᠷ ᠪᠠᠢᠭᠠᠳ ᠨᠤᠲᠤᠭ ᠤ᠋ᠨ ᠢ᠋ᠶ᠋ᠠᠨ ᠵᠠᠬ᠎ᠠ ᠳ᠋ᠤ᠌ ᠣᠢᠷᠠᠲᠤᠵᠤ᠂ ᠠᠭᠤᠯᠠ ᠤᠰᠤᠨ ᠤ᠋ ᠬᠢᠨᠢ ᠪᠠᠷ᠎ᠠ ᠦᠵᠡᠭᠳᠡᠬᠦ ᠪᠣᠯᠤᠭᠰᠠᠨ ᠳ᠋ᠤ᠌ ᠬᠣᠶᠠᠷ ᠳᠠᠩ ᠪᠤᠷ᠎ᠠ ᠪᠠᠨ ᠰᠤᠭᠤᠯᠠᠵᠤ ᠴᠣᠬᠢᠭᠠᠳ ᠪᠠᠷᠠᠵᠤ᠂ ᠳᠠᠭᠠᠬᠢ ᠲᠠᠢ ᠬᠡᠭᠡᠷ ᠳᠠᠭ᠎ᠠ ᠨᠢ ᠭᠡᠨᠡᠳᠲᠡ ᠠᠮᠢᠲᠠᠨ ᠳᠣᠲᠣᠷ᠎ᠠ ᠠ᠋ᠴᠠ ᠰᠤᠭᠤ ᠦᠰᠦᠷᠦᠨ ᠨᠢᠰᠬᠦ ᠳ᠋ᠦ᠍ ᠠᠷᠴᠢᠶ᠎ᠠ ᠰᠠᠢᠳ ᠤ᠋ᠨ ᠲᠠᠢᠵᠢ᠄
《ᠠᠷᠨᠨᠵᠤᠯᠠ ᠬᠣᠯᠢᠨᠠ ᠭᠡᠳᠡᠭ ᠡᠨᠡ ᠪᠠᠢᠨ᠎ᠠ ᠰᠢᠦ! ᠠᠷᠴᠢᠶ᠎ᠠ ᠶ᠋ᠢᠨ ᠰᠠᠢᠳ ᠬᠠᠷᠢᠨ᠎ᠠ ᠭᠡᠳᠡᠭ ᠡᠨᠡ ᠪᠠᠢᠨ᠎ᠠ ᠰᠢᠦ!》 ᠭᠡᠳ ᠬᠠᠷᠠᠭ᠎ᠠ ᠲᠠᠰᠤᠷᠠᠨ ᠶᠠᠪᠤᠵᠠᠢ᠃ ᠬᠤᠰᠢᠭᠤᠨ ᠤ᠋ ᠠᠮᠢᠲᠠᠨ᠄
《ᠮᠠᠨᠤᠰ ᠰᠠᠢᠨ ᠬᠥᠮᠦᠨ ᠰᠠᠢᠨ ᠮᠣᠷᠢ ᠶ᠋ᠢ ᠲᠠᠨᠢᠳᠠᠭ ᠦᠭᠡᠢ᠂ ᠨᠢᠳᠦ ᠲᠡᠢ ᠪᠠᠢᠭᠠᠳ ᠰᠣᠬᠣᠷ ᠲᠠᠢ ᠠᠳᠠᠯᠢ ᠠᠮᠢᠲᠠᠨ ᠪᠠᠢᠨ᠎ᠠ!》 ᠭᠡᠴᠡᠭᠡᠭᠡᠳ ᠪᠤᠴᠠᠨ ᠶᠠᠪᠤᠵᠠᠢ᠃
ᠠᠷᠴᠢᠶ᠎ᠠ ᠰᠠᠢᠳ᠄《ᠮᠢᠨᠦ ᠬᠥᠪᠡᠭᠦᠨ ᠳ᠋ᠦ᠍ ᠨᠢᠭᠡ ᠠᠷᠠᠨᠵᠤᠯᠠ ᠲᠣᠬᠢᠶᠠᠯᠳᠤᠪᠠᠯ ᠲᠡᠭᠦᠨ ᠢ᠋ ᠤᠨᠤᠭᠠᠳ ᠰᠠᠶᠢ ᠬᠠᠷᠢᠵᠤ※ ᠢᠷᠡᠵᠦ ᠴᠢᠳᠠᠬᠤ ᠶᠤᠮ!》 ᠭᠡᠳ ᠵᠠᠭᠤ ᠪᠥᠭᠡᠳ ᠨᠠᠢ᠍ᠮᠠᠨ ᠠᠯᠲᠠ ᠤᠷᠲᠤ ᠤᠷᠭ᠎ᠠ ᠪᠡᠯᠡᠳᠬᠡᠭᠡᠳ ᠡᠳᠦᠷ ᠡᠳᠦᠷ ᠶᠢᠰᠦᠨ ᠳᠠᠪᠬᠤᠷ ᠰᠤᠪᠤᠷᠭ᠎ᠠ ᠳᠡᠭᠡᠷ᠎ᠡ ᠪᠡᠨ ᠭᠠᠷᠴᠤ ᠬᠦᠯᠢᠶᠡᠵᠦ ᠰᠠᠭᠤᠳᠠᠭ ᠶᠤᠮ ᠪᠠᠢᠵᠠᠢ᠃ ᠨᠢᠭᠡᠨ ᠡᠳᠦᠷ ᠬᠥᠪᠡᠭᠦᠨ ᠨᠢ ᠶᠣᠰᠣᠲᠠᠢ ᠨᠢᠭᠡ ᠠᠷᠠᠨᠵᠤᠯᠠ ᠤᠨᠤᠭᠠᠳ ᠨᠢᠰᠬᠡᠨ ᠢᠷᠡᠬᠦ ᠳ᠋ᠦ᠍ ᠲᠡᠷᠡ ᠵᠠᠭᠤ ᠪᠥᠭᠡᠳ ᠨᠠᠢ᠍ᠮᠠᠨ ᠠᠯᠲᠠ ᠤᠷᠭ᠎ᠠ ᠪᠠᠷ ᠢ᠋ᠶ᠋ᠠᠨ ᠤᠷᠭᠠᠳᠠᠭᠠᠳ ᠠᠪᠴᠤ ᠰᠠᠭᠤᠵᠠᠢ᠃
ᠵᠡᠭᠦᠯᠲᠡ᠄
ᠲᠤᠰ ᠵᠣᠬᠢᠶᠠᠯ ᠢ᠋ ᠴᠢ· ᠪᠦᠷᠢᠨᠪᠠᠶᠠᠷ ᠤ᠋ᠨ ᠭᠣᠣᠯᠯᠠᠨ ᠨᠠᠢᠷᠠᠭᠤᠯᠤᠭᠰᠠᠨ
《ᠳᠡᠭᠡᠳᠦ ᠮᠣᠩᠭᠣᠯ ᠤ᠋ᠨ ᠠᠷᠠᠳ ᠤ᠋ᠨ ᠠᠮᠠᠨ ᠵᠣᠬᠢᠶᠠᠯ ᠤ᠋ᠨ ᠳᠡᠭᠡᠵᠢ ᠪᠢᠴᠢᠭ》 ᠡᠴᠡ ᠰᠣᠩᠭᠣᠪᠠ᠃ ᠬᠥᠬᠡᠨᠠᠭᠤᠷ ᠮᠣᠵᠢ ᠶ᠋ᠢᠨ ᠰᠦᠷᠦᠩᠬᠡᠷ ᠶᠠᠷᠢᠵᠤ᠂ ᠣ᠊· ᠴᠡᠷᠡᠨᠳᠦᠨᠳᠦᠪ ᠡᠮᠬᠢᠳᠬᠡᠪᠡ᠃
ᠦᠰᠦᠭ ᠠᠮᠢᠯᠠᠭᠤᠯᠤᠭᠴᠢ᠄ ᠮᠢᠬᠤᠸᠠᠷ᠂ ᠲᠣᠳᠤᠭᠡᠷᠡᠯ
ᠬᠢᠨᠠᠭᠴᠢ᠄ ᠣᠳᠬᠠᠨᠰᠣ᠎ᠠ᠂ ᠲᠣᠭᠲᠠᠭᠤᠨ᠂ ᠣᠳᠬᠠᠨᠴᠡᠴᠡᠭ᠂ ᠲᠣᠳᠤᠭᠡᠷᠡᠯ
