ᠣᠢᠲᠤ ᠮᠡᠷᠭᠡᠨ ᠲᠠᠮᠤᠨ᠎ᠠОйт мэргэн тамнаОйт мэргэн тамна ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠢᠲᠤ ᠮᠡᠷᠭᠡᠨ ᠲᠠᠮᠤᠨ᠎ᠠОйт мэргэн тамнаОйт мэргэн тамна

ᠣᠢᠲᠤ ᠮᠡᠷᠭᠡᠨ ᠲᠠᠮᠤᠨ᠎ᠠОйт мэргэн тамнаОйт мэргэн тамна

ᠠᠩᠭᠢᠯᠠᠯ:ᠳᠣᠮᠣᠭ ᠦᠯᠢᠭᠡᠷ
2025-03-10

391

 ᠰᠣᠷᠤᠨᠵᠢᠨ ᠺᠦᠮᠪᠦ ᠬᠠᠨ ᠳ᠋ᠤ᠌ ᠨᠢᠭᠡ ᠣᠢᠲᠤ ᠮᠡᠷᠭᠡᠨ ᠲᠠᠮᠤᠨ᠎ᠠ ᠭᠡᠳᠡᠭ ᠶᠢᠷᠲᠢᠨᠴᠦ ᠳ᠋ᠦ᠍ ᠬᠣᠪᠣᠷ ᠰᠡᠴᠡᠨ ᠮᠡᠷᠭᠡᠨ ᠤᠬᠠᠭᠠᠨᠲᠠᠢ ᠲᠦᠰᠢᠮᠡᠯ ᠪᠠᠢᠭᠰᠠᠨ ᠰᠠᠨᠵᠠᠢ᠂ ᠡᠨᠡ ᠦᠶ᠎ᠡ ᠳ᠋ᠦ᠍ ᠬᠢᠲᠠᠳ ᠤ᠋ᠨ ᠺᠦᠮᠪᠦ ᠬᠠᠨ ᠳ᠋ᠤ᠌ ᠨᠣᠭᠣᠭᠠᠨ᠂ ᠴᠠᠭᠠᠨ ᠬᠣᠶᠠᠷ ᠳᠠᠷᠬᠢ( ᠳᠠᠭᠢᠨᠢ) ᠪᠠᠢᠵᠤ ᠭᠡᠨ᠎ᠡ᠃ ᠡᠨᠡ ᠬᠣᠶᠠᠷ ᠳᠠᠷᠬᠢ ᠶ᠋ᠢ ᠨᠤᠲᠤᠭ ᠲᠤ᠌ ᠪᠠᠨ ᠵᠠᠯᠠᠵᠤ ᠢᠷᠡᠭᠦᠯᠬᠦ ᠪᠡᠷ ᠣᠢᠲᠤ ᠮᠡᠷᠭᠡᠨ ᠲᠠᠮᠤᠨ᠎ᠠ ᠶ᠋ᠢ ᠰᠣᠷᠤᠨᠵᠢᠨ ᠺᠦᠮᠪᠦ ᠬᠠᠨ ᠳ᠋ᠤ᠌ ᠶᠠᠪᠤᠭᠤᠯᠵᠤ ᠭᠡᠨ᠎ᠡ᠃
ᠣᠢᠲᠤ ᠮᠡᠷᠭᠡᠨ ᠲᠠᠮᠤᠨ᠎ᠠ ᠬᠢᠲᠠᠳ ᠤ᠋ᠨ ᠺᠦᠮᠪᠦ ᠬᠠᠨ ᠳ᠋ᠤ᠌ ᠣᠴᠢᠬᠤ ᠳ᠋ᠤ᠌᠂ ᠬᠢᠲᠠᠳ ᠤ᠋ᠨ ᠺᠦᠮᠪᠦ ᠬᠠᠨ ᠣᠢᠲᠤ ᠮᠡᠷᠭᠡᠨ ᠲᠠᠮᠤᠨ᠎ᠠ ᠶ᠋ᠢᠨ ᠢᠷᠡᠭᠰᠡᠨ ᠤᠴᠢᠷ ᠢ᠋ ᠰᠣᠨᠣᠰᠤᠭᠠᠳ ᠲᠡᠭᠦᠨ ᠢ᠋ ᠣᠷᠳᠣᠨ ᠳ᠋ᠤ᠌ ᠪᠠᠨ ᠣᠷᠣᠭᠤᠯᠤᠨ ᠨᠣᠭᠣᠭᠠᠨ ᠳᠠᠷᠬᠢ᠂ ᠴᠠᠭᠠᠨ ᠳᠠᠷᠬᠢ ᠲᠠᠢ ᠠᠳᠠᠯᠢ ᠬᠣᠶᠠᠷ ᠵᠠᠭᠤᠨ ᠬᠡᠦᠬᠡᠨ ᠨᠥᠬᠥᠳ ᠢ᠋ ᠰᠠᠭᠤᠯᠭᠠᠵᠤ᠄《ᠡᠳᠡᠨ ᠦ᠌ ᠳᠤᠮᠳᠠ ᠠ᠋ᠴᠠ ᠥᠪᠡᠷ ᠢ᠋ᠶ᠋ᠡᠨ ᠲᠠᠨᠢᠵᠤ ᠠᠪ》 ᠭᠡᠵᠡᠢ᠃ ᠡᠭᠦᠨ ᠳ᠋ᠦ᠍ ᠣᠢᠲᠤ ᠮᠡᠷᠭᠡᠨ ᠲᠠᠮᠤᠨ᠎ᠠ ᠶ᠋ᠢᠨ ᠠᠷᠭ᠎ᠠ ᠨᠢ ᠪᠠᠷᠠᠭᠳᠠᠭᠠᠳ᠂ ᠲᠡᠷᠡ ᠨᠤᠲᠤᠭ ᠠ᠋ᠴᠠ ᠨᠢᠭᠤᠴᠠ ᠪᠠᠷ ᠺᠦᠮᠦ( ᠬᠥᠮᠦᠨ) ᠵᠠᠯᠠᠭᠠᠳ ᠵᠢᠭᠠᠯᠭᠠᠬᠤ ᠪᠣᠯᠤᠭᠰᠠᠨ ᠳ᠋ᠤ᠌᠂ ᠺᠦᠮᠦ ᠬᠠᠨ ᠤ᠋ ᠱᠠᠪ ᠭᠡᠰᠡᠨ ᠢ᠋ ᠡᠨᠳᠡᠳᠡᠭ ᠦᠭᠡᠢ《ᠰᠢᠷ᠎ᠠ ᠪᠢᠴᠢᠭ》ᠨᠢ ᠮᠡᠳᠡᠵᠦ ᠣᠷᠬᠢᠭᠠᠳ ᠲᠣᠯᠣᠭᠠᠢ ᠪᠠᠨ ᠠᠪᠤᠭᠤᠯᠬᠤ ᠠ᠋ᠴᠠ ᠠᠶᠤᠭᠠᠳ ᠲᠡᠷᠡ ᠨᠤᠲᠤᠭ ᠠ᠋ᠴᠠ ᠬᠡᠨ ᠴᠦ᠍ ᠬᠡᠯᠡᠵᠦ ᠥᠭᠭᠦᠭᠦᠯ ᠦᠭᠡᠢ ᠤᠳᠠᠪᠠ ᠭᠡᠨ᠎ᠡ᠃
ᠲᠡᠭᠡᠭᠡᠳ ᠣᠢᠲᠤ ᠮᠡᠷᠭᠡᠨ ᠲᠠᠮᠤᠨ᠎ᠠ ᠨᠢᠭᠡ ᠤᠳᠠᠭ᠎ᠠ ᠠᠷᠭ᠎ᠠ ᠤᠬᠠᠭᠠᠨ ᠪᠣᠳᠣᠭᠠᠳ᠂ ᠨᠢᠭᠡ ᠡᠮᠡᠭᠡᠨ ᠡᠪᠦᠭᠡᠨ ᠢ᠋ ᠡᠷᠢᠵᠦ ᠣᠴᠢᠭᠠᠳ ᠨᠢᠭᠡ ᠲᠤᠯᠤᠮ ᠠᠯᠲᠠᠨ ᠤ᠋ ᠱᠠᠩ ᠥᠭᠭᠦᠭᠡᠳ᠄
《ᠠᠪᠤ ᠲᠠᠨ ᠠ᠋ᠴᠠ ᠨᠢᠭᠡ ᠶᠠᠭᠤᠮ᠎ᠠ ᠠᠰᠠᠭᠤᠶ᠎ᠠ᠂ ᠨᠣᠭᠣᠭᠠᠨ ᠳᠠᠷᠬᠢ ᠴᠠᠭᠠᠨ ᠳᠠᠷᠬᠢ ᠶᠠᠭᠠᠬᠢᠵᠤ ᠲᠠᠨᠢᠭᠳᠠᠨ᠎ᠠ? ᠬᠡᠯᠡᠵᠦ ᠥᠭᠭᠦᠭᠳᠦᠨ! 》 ᠭᠡᠪᠡ᠃ ᠡᠭᠦᠨ ᠳ᠋ᠦ᠍ ᠡᠪᠦᠭᠡᠨ ᠡᠮᠡᠭᠡᠨ ᠬᠣᠶᠠᠷ᠄
《ᠪᠢᠳᠡᠨ ᠬᠣᠶᠠᠷ ᠬᠡᠯᠡᠵᠦ ᠥᠭᠬᠦ ᠡᠴᠡ ᠪᠡᠨ ᠱᠠᠪ ᠭᠡᠰᠡᠨ ᠢ᠋ ᠡᠨᠳᠡᠳᠡᠭ ᠦᠭᠡᠢ< ᠰᠢᠷ᠎ᠠ ᠪᠢᠴᠢᠭ> ᠡᠴᠡ ᠲᠠᠲᠠᠭᠠᠯᠵᠠᠵᠤ ᠪᠠᠢᠨ᠎ᠠ᠂》 ᠭᠡᠪᠡ᠃ ᠡᠭᠦᠨ ᠳ᠋ᠦ᠍ ᠣᠢᠲᠤ ᠮᠡᠷᠭᠡᠨ ᠲᠠᠮᠤᠨ᠎ᠠ᠄
《ᠲᠡᠭᠦᠨ ᠳ᠋ᠦ᠍ ᠮᠡᠳᠡᠭᠦᠯᠳᠡᠭ ᠦᠭᠡᠢ ᠠᠷᠭ᠎ᠠ ᠨᠠᠳᠠ ᠪᠠᠢᠨ᠎ᠠ᠃ ᠲᠠ ᠬᠣᠶᠠᠷ ᠨᠠᠳᠠ ᠬᠡᠯᠡᠭᠡᠳ ᠥᠭᠭᠦᠭᠳᠦᠨ》 ᠭᠡᠪᠡ᠃
《ᠲᠡᠭᠡᠪᠡᠯ ᠠᠷᠭ᠎ᠠ ᠪᠠᠨ ᠴᠢ ᠬᠡᠯᠡ》 ᠭᠡᠵᠦ ᠡᠪᠦᠭᠡᠨ ᠡᠮᠡᠭᠡᠨ ᠬᠣᠶᠠᠷ ᠬᠡᠯᠡᠪᠡ᠃ ᠡᠭᠦᠨ ᠳ᠋ᠦ᠍ ᠣᠢᠲᠤ ᠮᠡᠷᠭᠡᠨ ᠲᠠᠮᠤᠨ᠎ᠠ᠄
《ᠲᠡᠮᠦᠷ ᠲᠤᠯᠭ᠎ᠠ ᠲᠤᠯᠤᠭᠠᠳ ᠬᠠᠢᠰᠤ ᠨᠡᠷᠡᠭᠡᠳ ᠳᠣᠲᠣᠷ᠎ᠠ ᠨᠢ ᠳᠦᠭᠦᠷᠡᠩ ᠤᠰᠤ ᠬᠢᠵᠦ ᠡᠪᠦᠭᠡᠨ ᠢ᠋ ᠳᠣᠲᠣᠷ᠎ᠠ ᠨᠢ ᠨᠢᠴᠦᠭᠦᠨ ᠰᠠᠭᠤᠯᠭᠠᠭᠠᠳ᠂ ᠪᠦᠷᠬᠦᠭᠦᠯ ᠢ᠋ ᠨᠢ ᠳᠠᠷᠤᠭᠰᠠᠨ ᠤ᠋ ᠳᠡᠭᠡᠷ᠎ᠡ ᠰᠢᠪᠠᠭᠤᠨ ᠤ᠋ ᠥᠳᠥ᠂ ᠮᠤᠤᠷ ᠤ᠋ᠨ ᠲᠣᠯᠣᠭᠠᠢ ᠪᠣᠯᠤᠨ ᠬᠥᠯ ᠲᠠᠯᠪᠢᠭᠠᠳ᠂ ᠪᠦᠷᠬᠦᠭᠦᠯ ᠦ᠋ᠨ ᠵᠠᠪᠰᠠᠷ ᠢ᠋ᠶ᠋ᠠᠷ ᠡᠪᠦᠭᠡᠨ ᠦ᠌ ᠠᠮᠠᠨ ᠳ᠋ᠤ᠌ ᠴᠣᠭᠣᠷ ᠵᠠᠭᠤᠯᠭᠠᠭᠠᠳ᠂ ᠲᠡᠭᠡᠭᠡᠳ ᠲᠡᠷᠡ ᠴᠤᠭᠤᠷ ᠢ᠋ᠶ᠋ᠠᠷ ᠭᠡᠷ ᠦ᠋ᠨ ᠭᠠᠳᠠᠨ᠎ᠠ ᠮᠢᠨᠦ ᠴᠢᠬᠢᠨ ᠳ᠋ᠦ᠍ ᠬᠡᠯᠡᠵᠦ ᠥᠭᠪᠡᠯ᠂ ᠱᠠᠪ ᠭᠡᠰᠡᠨ ᠢ᠋ ᠡᠨᠳᠡᠳᠡᠭ ᠦᠭᠡᠢ< ᠰᠢᠷ᠎ᠠ ᠪᠢᠴᠢᠭ> ᠡᠨᠳᠡᠭᠦᠷᠡᠨ᠎ᠡ》 ᠭᠡᠪᠡ᠃
ᠲᠡᠭᠡᠭᠡᠳ ᠮᠠᠷᠭᠠᠰᠢ ᠨᠢ ᠬᠡᠯᠡᠭᠰᠡᠨ ᠶᠣᠰᠣᠭᠠᠷ ᠡᠪᠦᠭᠡᠨ ᠢ᠋ ᠤᠰᠤ ᠲᠠᠢ ᠬᠠᠢᠰᠤᠨ ᠳᠣᠲᠣᠷ᠎ᠠ ᠰᠠᠭᠤᠯᠭᠠᠭᠠᠳ᠂ ᠴᠤᠭᠤᠷ ᠢ᠋ᠶ᠋ᠠᠷ ᠡᠪᠦᠭᠡᠨ ᠣᠢᠲᠤ ᠮᠡᠷᠭᠡᠨ ᠲᠠᠮᠤᠨ᠎ᠠ ᠶ᠋ᠢᠨ ᠴᠢᠬᠢᠨ ᠳ᠋ᠦ᠍᠄
《ᠣᠢᠲᠤ ᠮᠡᠷᠭᠡᠨ ᠲᠠᠮᠤᠨ᠎ᠠ ᠴᠢ ᠮᠠᠷᠭᠠᠰᠢ ᠬᠠᠨ ᠤ᠋ ᠣᠷᠳᠣᠨ ᠳ᠋ᠤ᠌ ᠣᠴᠢᠬᠤᠯ᠎ᠠ ᠲᠡᠨᠳᠡ ᠤᠷᠢᠳᠠᠬᠢ ᠲᠠᠢ ᠠᠳᠠᠯᠢ ᠪᠠᠷ ᠬᠣᠶᠠᠷ ᠵᠠᠭᠤᠨ ᠬᠡᠦᠬᠡᠨ ᠨᠦ᠍ᠭᠦᠳ ᠢ᠋ ᠰᠠᠭᠤᠯᠭᠠᠵᠤ ᠣᠷᠬᠢᠨ᠎ᠠ᠃ ᠲᠡᠭᠡᠬᠦ ᠳ᠋ᠦ᠍ ᠴᠢ ᠪᠠᠷᠠᠭᠤᠨ ᠪᠡᠶ᠎ᠡ ᠪᠡᠷ ᠨᠢ ᠶᠠᠪᠤᠵᠤ ᠶᠠᠪᠤᠭᠠᠳ ᠲᠠᠯ᠎ᠠ ᠳᠤᠮᠳᠠ ᠨᠢ ᠬᠦᠷᠦᠭᠡᠳ ᠦᠵᠡᠮᠡᠭᠴᠡ᠂ ᠪᠠᠷᠠᠭᠤᠨ ᠵᠡᠭᠦᠨ ᠮᠥᠷᠦᠨ ᠳᠡᠭᠡᠷ᠎ᠡ ᠨᠢ ᠰᠢᠷ᠎ᠠ ᠴᠣᠬᠣᠷ ᠬᠥᠬᠡ ᠴᠣᠬᠣᠷ ᠵᠥᠭᠡᠢ ᠨᠢᠰᠦᠭᠰᠡᠨ ᠮᠡᠲᠦ ᠰᠣᠯᠣᠩᠭ᠎ᠠ ᠲᠠᠲᠠᠬᠤ ᠪᠣᠢ᠂ ᠲᠡᠷᠡ ᠪᠣᠯᠪᠠᠯ ᠴᠠᠭᠠᠨ ᠳᠠᠷᠬᠢ᠃ ᠵᠡᠭᠦᠨ ᠪᠡᠶ᠎ᠡ ᠪᠡᠷ ᠨᠢ ᠮᠥᠨ ᠲᠡᠭᠦᠨ ᠲᠡᠢ ᠠᠳᠠᠯᠢ᠃ ᠡᠨᠡ ᠬᠣᠶᠠᠷ ᠪᠣᠯ ᠲᠠᠨ ᠤ᠋ ᠵᠠᠯᠠᠵᠤ ᠬᠠᠷᠢᠬᠤ ᠬᠣᠶᠠᠷ ᠳᠠᠷᠬᠢ ᠪᠣᠯᠤᠨ᠎ᠠ᠂》 ᠭᠡᠵᠦ ᠬᠡᠯᠡᠵᠦ ᠥᠭᠪᠡ᠃
ᠲᠡᠭᠡᠭᠡᠳ ᠮᠠᠷᠭᠠᠰᠢ ᠨᠢ ᠣᠢᠲᠤ ᠮᠡᠷᠭᠡᠨ ᠲᠠᠮᠤᠨ᠎ᠠ ᠬᠢᠲᠠᠳ ᠤ᠋ᠨ ᠺᠤᠮᠪᠤ ᠬᠠᠨ ᠤ᠋ ᠣᠷᠳᠣᠨ ᠳ᠋ᠤ᠌ ᠣᠷᠬᠣᠯ᠎ᠠ᠂ ᠲᠡᠨᠳᠡ ᠤᠭ ᠤ᠋ᠨ ᠠᠳᠠᠯᠢ ᠪᠠᠷ ᠬᠡᠳᠦᠨ ᠵᠠᠭᠤᠨ ᠬᠡᠦᠬᠡᠨ ᠨᠦ᠍ᠭᠦᠳ ᠢ᠋ ᠰᠠᠭᠤᠯᠭᠠᠵᠤ ᠣᠷᠬᠢᠭᠰᠠᠨ ᠪᠠᠢᠵᠠᠢ᠃ ᠣᠢᠲᠤ ᠮᠡᠷᠭᠡᠨ ᠲᠠᠮᠤᠨ᠎ᠠ ᠪᠠᠷᠠᠭᠤᠨ ᠪᠡᠶ᠎ᠡ ᠡᠴᠡ ᠪᠡᠨ ᠡᠬᠢᠯᠡᠭᠡᠳ ᠶᠠᠪᠤᠨ ᠠᠵᠢᠭᠯᠠᠭᠠᠳ ᠲᠠᠯ᠎ᠠ ᠳᠤᠮᠳᠠ ᠨᠢ ᠬᠦᠷᠬᠦ ᠳ᠋ᠦ᠍ ᠡᠪᠦᠭᠡᠨ ᠦ᠌ ᠬᠡᠯᠡᠭᠰᠡᠨ ᠮᠡᠲᠦ᠂ ᠰᠢᠷ᠎ᠠ ᠴᠣᠬᠣᠷ ᠬᠥᠬᠡ ᠴᠣᠬᠣᠷ ᠬᠣᠶᠠᠷ ᠵᠥᠭᠡᠢ ᠶ᠋ᠢᠨ ᠭᠡᠷᠡᠯ ᠬᠡᠦᠬᠡᠨ ᠦ᠌ ᠳᠡᠭᠡᠷ᠎ᠡ ᠲᠣᠰᠤᠭᠠᠳ ᠰᠣᠯᠣᠩᠭ᠎ᠠ ᠲᠠᠲᠠᠭᠠᠳ ᠪᠠᠢᠵᠠᠢ᠃ ᠣᠢᠲᠤ ᠮᠡᠷᠭᠡᠨ ᠲᠠᠮᠤᠨ᠎ᠠ ᠲᠡᠷᠡ ᠳᠠᠷᠤᠢ ᠨᠢ ᠲᠠᠨᠢᠭᠠᠳ᠂ ᠬᠣᠶᠠᠷ ᠳᠠᠷᠬᠢ ᠶ᠋ᠢᠨ ᠡᠮᠦᠨ᠎ᠡ ᠬᠦᠷᠴᠦ᠄
《ᠣᠳᠣ ᠮᠠᠨ ᠤ᠋ ᠨᠤᠲᠤᠭ ᠲᠤ᠌ ᠵᠠᠯᠠᠷᠠᠵᠤ ᠣᠴᠢᠬᠤ ᠴᠠᠭ ᠴᠢᠨᠢ ᠨᠢᠭᠡᠨᠲᠡ ᠪᠣᠯᠪᠠ᠂》 ᠭᠡᠪᠡ᠃
ᠲᠡᠭᠡᠬᠦ ᠳ᠋ᠦ᠍ ᠬᠢᠲᠠᠳ ᠤ᠋ᠨ ᠺᠠᠮᠪᠤ ᠬᠠᠨ᠂ ᠣᠢᠲᠤ ᠮᠡᠷᠭᠡᠨ ᠲᠠᠮᠤᠨ᠎ᠠ ᠶ᠋ᠢ ᠶᠠᠭᠠᠬᠢᠵᠤ ᠮᠡᠳᠡᠪᠡ? ᠶᠠᠮᠠᠷ ᠬᠥᠮᠦᠨ ᠢ᠋ ᠵᠢᠭᠠᠵᠤ ᠥᠭᠪᠡ? ᠭᠡᠳ ᠱᠠᠪ ᠭᠡᠳᠡᠭ ᠢ᠋ ᠡᠨᠳᠡᠳᠡᠭ ᠦᠭᠡᠢ <ᠰᠢᠷ᠎ᠠ ᠪᠢᠴᠢᠭ>  ᠢ᠋ᠶ᠋ᠡᠨ ᠳᠡᠯᠭᠡᠭᠡᠳ ᠦᠵᠡᠬᠦ ᠳ᠋ᠦ᠍ ᠲᠡᠮᠦᠷ ᠬᠥᠯ ᠲᠡᠢ᠂ ᠴᠥᠭᠡ ᠬᠦᠵᠦᠭᠦᠦ ᠲᠡᠢ᠂ ᠤᠰᠤᠨ ᠴᠣᠭᠴᠠ ᠲᠠᠢ᠂ ᠵᠡᠰ ᠬᠣᠩᠰᠢᠶᠠᠷ ᠲᠠᠢ᠂ ᠥᠲᠥᠨ ᠳᠠᠯᠠᠪᠴᠢᠲᠠᠢ ᠂ ᠠᠷᠪᠠᠨ ᠬᠢᠮᠤᠰᠤ ᠲᠠᠢ ᠬᠥᠮᠦᠨ ᠵᠢᠭᠠᠵᠤ ᠥᠭᠪᠡ ᠭᠡᠵᠦ <ᠰᠢᠷ᠎ᠠ ᠪᠢᠴᠢᠭ> ᠲᠦ᠍ ᠭᠠᠷᠴᠠᠢ᠃
ᠬᠢᠲᠠᠳ ᠤ᠋ᠨ ᠺᠣᠮᠪᠦ ᠬᠠᠨ ᠬᠠᠮᠤᠭ ᠨᠤᠲᠤᠭ ᠠ᠋ᠴᠠ ᠡᠢᠮᠦ ᠬᠥᠮᠦᠨ ᠢ᠋ ᠤᠳᠠᠲᠠᠯ᠎ᠠ ᠨᠡᠩᠵᠢᠨ ᠡᠷᠢᠭᠡᠳ ᠣᠯᠤᠭᠰᠠᠨ ᠦᠭᠡᠢ ᠮᠥᠷᠲᠡᠭᠡᠨ ᠶᠢᠷᠲᠢᠨᠴᠦ ᠳ᠋ᠦ᠍ ᠡᠢᠮᠦ ᠬᠥᠮᠦᠨ ᠲᠥᠷᠥᠭᠡᠳ ᠦᠭᠡᠢ ᠭᠡᠵᠦ ᠮᠡᠳᠡᠭᠳᠡᠵᠡᠢ᠃ ᠲᠡᠭᠡᠬᠦ ᠳ᠋ᠦ᠍ ᠬᠢᠲᠠᠳ ᠤ᠋ᠨ ᠺᠤᠮᠪᠤ ᠬᠠᠨ ᠠᠭᠤᠷᠯᠠᠭᠠᠳ᠄
《<ᠰᠢᠷ᠎ᠠ ᠪᠢᠴᠢᠭ > ᠡᠮᠦᠨ᠎ᠡ ᠮᠡᠳᠡᠳᠡᠭ ᠪᠢᠯᠡ᠂ ᠣᠳᠣ ᠮᠡᠳᠡᠬᠦ ᠪᠡᠨ ᠪᠠᠢᠵᠠᠢ᠂》ᠭᠡᠵᠦ ᠬᠡᠯᠡᠭᠡᠳ ᠭᠠᠷᠭᠠᠭᠠᠳ ᠲᠦᠢᠮᠡᠷᠳᠡᠭᠦᠯᠵᠦ ᠣᠷᠬᠢᠵᠠᠢ᠃
《ᠰᠢᠷ᠎ᠠ ᠪᠢᠴᠢᠭ》 ᠢ᠋ ᠲᠦᠢᠮᠡᠷᠳᠡᠬᠦ ᠳ᠋ᠦ᠍ ᠦᠨᠡᠰᠦ ᠨᠢ ᠰᠠᠯᠬᠢᠨ ᠳ᠋ᠤ᠌ ᠬᠡᠢᠰᠪᠡ᠃ ᠲᠡᠭᠦᠨ ᠢ᠋ ᠬᠡᠭᠡᠷ᠎ᠡ ᠪᠡᠯᠴᠢᠵᠦ ᠶᠠᠪᠤᠭᠰᠠᠨ ᠨᠢᠭᠡ ᠰᠢᠷ᠎ᠠ ᠲᠣᠯᠣᠭᠠᠢᠲᠠᠢ ᠬᠣᠨᠢ ᠣᠯᠵᠤ ᠢᠳᠡᠭᠡᠳ ᠣᠷᠬᠢᠭᠰᠠᠨ ᠭᠡᠨ᠎ᠡ᠃
ᠲᠡᠭᠦᠨ ᠡᠴᠡ ᠦᠯᠡᠳᠡᠭᠰᠡᠨ ᠢ᠋ ᠨᠢ ᠨᠢᠭᠡ ᠬᠥᠮᠦᠨ ᠣᠯᠵᠤ ᠠᠪᠤᠭᠠᠳ ᠣᠷᠴᠢᠯᠠᠩ ᠳ᠋ᠤ᠌ ᠶᠢᠰᠦᠨ ᠦᠰᠦᠭ ᠵᠣᠬᠢᠶᠠᠵᠤ ᠭᠡᠨ᠎ᠡ᠃
ᠲᠡᠭᠦᠨ ᠢ᠋ ᠢᠳᠡᠭᠰᠡᠨ ᠬᠣᠨᠢ ᠶ᠋ᠢ ᠮᠣᠩᠭᠣᠯ ᠬᠥᠮᠦᠨ《ᠰᠢᠷ᠎ᠠ ᠪᠢᠴᠢᠭ》ᠰᠢᠷ᠎ᠠ ᠲᠣᠯᠣᠭᠠᠢᠲᠤ ᠬᠣᠨᠢᠨ ᠤ᠋ ᠳᠠᠯᠤ ᠶ᠋ᠢᠨ ᠶᠠᠰᠤ ᠭᠡᠵᠦ ᠰᠡᠮᠡᠵᠡᠨ ᠳ᠋ᠦ᠍ ᠣᠷᠢᠶᠠᠵᠤ ᠠᠷᠢᠭᠤᠳᠬᠠᠭᠠᠳ ᠭᠠᠯ ᠳ᠋ᠤ᠌ ᠲᠦᠯᠡᠭᠡᠳ ᠪᠡᠯᠭᠡ ᠲᠠᠲᠠᠳᠠᠭ ᠪᠣᠯᠤᠭᠰᠠᠨ ᠪᠠ ᠰᠢᠷ᠎ᠠ ᠲᠣᠯᠣᠭᠠᠢᠲᠤ ᠬᠣᠨᠢᠨ ᠤ᠋ ᠬᠣᠷᠭᠣᠰᠣ ᠪᠠᠷ ᠪᠡᠯᠭᠡ ᠲᠠᠲᠠᠵᠤ ᠮᠡᠳᠡᠳᠡᠭ ᠪᠣᠯᠤᠭᠰᠠᠨ ᠭᠡᠨ᠎ᠡ᠃
    ᠲᠡᠭᠡᠭᠡᠳ ᠬᠢᠲᠠᠳ ᠤ᠋ᠨ ᠺᠣᠮᠪᠣ ᠬᠠᠨ ᠨᠠᠶᠠᠨ ᠬᠣᠨᠣᠭ ᠤ᠋ᠨ ᠨᠠᠢᠷ᠂ ᠳᠠᠯᠠᠨ ᠬᠣᠨᠣᠭ ᠤ᠋ᠨ ᠲᠠᠩᠭᠠᠷ᠎ᠠ ᠬᠢᠵᠦ᠂ ᠴᠠᠭᠠᠨ ᠳᠠᠷᠬᠢ ᠨᠣᠭᠣᠭᠠᠨ ᠳᠠᠷᠬᠢ ᠶ᠋ᠢ ᠥᠭᠴᠦ ᠶᠠᠪᠤᠭᠤᠯᠪᠠ ᠭᠡᠨ᠎ᠡ᠃
ᠲᠡᠭᠦᠨ ᠦ᠌ ᠬᠣᠢᠨ᠎ᠠ ᠣᠢᠲᠤ ᠮᠡᠷᠭᠡᠨ ᠲᠠᠮᠤᠨ᠎ᠠ᠂ ᠬᠢᠲᠠᠳ ᠤ᠋ᠨ ᠺᠣᠮᠪᠣ ᠬᠠᠨ ᠪᠡᠶ᠎ᠡ ᠶ᠋ᠢ ᠨᠢ ᠶᠡᠬᠡ ᠰᠠᠭᠠᠲᠠᠭᠠᠭᠰᠠᠨ ᠢ᠋ ᠪᠣᠳᠣᠵᠤ᠂ ᠪᠢ ᠴᠦ᠍ ᠡᠭᠦᠨ ᠡᠴᠡ ᠬᠠᠷᠢᠭᠤ ᠪᠠᠨ ᠠᠪᠤᠶ᠎ᠠ ᠭᠡᠳ ᠬᠤᠳᠠᠯ ᠢ᠋ᠶ᠋ᠠᠷ ᠡᠪᠡᠳᠴᠢᠯᠡᠵᠦ ᠬᠡᠪᠲᠡᠭᠡᠳ ᠣᠷᠳᠣᠨ ᠳ᠋ᠤᠨᠢ ᠬᠣᠴᠣᠷᠴᠤ ᠭᠡᠨ᠎ᠡ᠃
ᠬᠢᠲᠠᠳ ᠤ᠋ᠨ ᠺᠣᠮᠪᠣ ᠬᠠᠨ ᠬᠠᠷᠢ ᠶ᠋ᠢᠨ ᠲᠦᠰᠢᠮᠡᠯ ᠡᠪᠡᠳᠴᠢᠯᠡᠪᠡ ᠭᠡᠵᠦ ᠰᠠᠨᠳᠤᠷᠤᠭᠠᠳ ᠰᠠᠢᠨ ᠡᠮᠴᠢ ᠪᠦᠬᠦᠨ ᠢ᠋ᠶ᠋ᠡᠨ ᠳᠠᠭᠤᠳᠠᠭᠤᠯᠬᠤ ᠬᠣᠭᠣᠷᠣᠨᠳᠣ᠂ ᠣᠢᠲᠤ ᠮᠡᠷᠭᠡᠨ ᠲᠠᠮᠤᠨ᠎ᠠ ᠮᠤᠤᠷ ᠪᠣᠯᠤᠨ ᠨᠣᠬᠠᠢ ᠶ᠋ᠢᠨ ᠭᠥᠯᠥᠭᠡ ᠠᠯᠠᠵᠤ ᠦᠮᠡᠬᠡᠢᠷᠡᠭᠦᠯᠦᠭᠡᠳ᠂ ᠬᠣᠶᠠᠷ ᠰᠦᠪᠡᠭᠡ ᠳ᠋ᠡᠭᠡᠨ ᠬᠠᠪᠴᠢᠭᠠᠳ ᠬᠥᠮᠦᠨ ᠣᠢᠷᠠᠲᠤᠬᠤ ᠶ᠋ᠢᠨ ᠠᠷᠭ᠎ᠠ ᠦᠭᠡᠢ ᠪᠣᠯᠭᠠᠪᠠ᠃ ᠲᠡᠭᠡᠬᠦ ᠳ᠋ᠦ᠍ ᠡᠮᠴᠢ ᠨᠠᠷ ᠢᠷᠡᠭᠡᠳ ᠲᠡᠷᠡᠬᠦ ᠦᠮᠡᠬᠡᠢ ᠦᠨᠦᠷ ᠲᠤᠨᠢ ᠣᠢᠷᠠᠲᠤᠵᠤ ᠡᠰᠡ ᠴᠢᠳᠠᠭᠰᠠᠨ ᠳ᠋ᠤ᠌ ᠣᠢᠲᠤ ᠮᠡᠷᠭᠡᠨ ᠲᠠᠮᠤᠨ᠎ᠠ ᠲᠡᠳᠡᠨ ᠳ᠋ᠦ᠍᠄
《ᠨᠠᠳᠠ ᠡᠢᠮᠦ ᠬᠦᠨᠳᠦ ᠡᠪᠡᠳᠴᠢᠨ ᠢᠷᠡᠪᠡ᠃ ᠨᠠᠮᠠᠶ᠋ᠢ ᠦᠵᠡᠬᠦ ᠳ᠋ᠦ᠍ ᠮᠢᠨᠦ ᠭᠤᠤᠷᠰᠤᠨ ᠠ᠋ᠴᠠ ᠤᠶᠠᠭᠰᠠᠨ ᠡᠨᠡ ᠶᠣᠩᠬᠣᠷ ᠲᠣᠷᠭᠠᠨ ᠤᠲᠠᠰᠤᠨ ᠤ᠋ ᠦᠵᠦᠭᠦᠷ ᠡᠴᠡ ᠪᠠᠷᠢᠭᠠᠳ ᠭᠠᠳᠠᠨ᠎ᠠ ᠠ᠋ᠴᠠ ᠦᠵᠡᠪᠡᠯ ᠪᠣᠯᠴᠢᠬᠠᠨ᠎ᠠ᠂》 ᠭᠡᠪᠡ᠃
ᠲᠡᠭᠡᠭᠡᠳ ᠣᠢᠲᠤ ᠮᠡᠷᠭᠡᠨ ᠲᠠᠮᠤᠨ᠎ᠠ ᠮᠤᠤᠷ ᠪᠣᠯᠤᠨ ᠨᠣᠬᠠᠢ ᠶ᠋ᠢᠨ ᠬᠥᠯ ᠳ᠋ᠦ᠍ ᠤᠶᠠᠭᠰᠠᠨ ᠶᠣᠩᠬᠣᠷ ᠲᠣᠷᠭᠠᠨ ᠤᠲᠠᠰᠤᠨ ᠤ᠋ ᠨᠢᠭᠡ ᠦᠵᠦᠭᠦᠷ ᠢ᠋ ᠨᠢ ᠭᠡᠷ ᠦ᠋ᠨ ᠭᠠᠳᠠᠨᠠᠬᠢ ᠡᠮᠴᠢ ᠨᠠᠷ ᠲᠤ᠌ ᠳᠠᠮᠵᠢᠭᠤᠯᠤᠨ ᠥᠭᠭᠦᠭᠰᠡᠨ ᠳ᠋ᠦ᠍ ᠡᠮᠴᠢ ᠨᠠᠷ ᠪᠠᠷᠢᠵᠤ ᠦᠵᠡᠭᠡᠳ᠄
《ᠠᠷᠢᠶᠠᠲᠠᠨ ᠬᠢᠮᠣᠰᠣᠳᠡᠨ ᠦ᠌ ᠰᠤᠳᠠᠰᠤ ᠭᠠᠷᠴᠤ ᠪᠠᠢᠨ᠎ᠠ》 ᠭᠡᠪᠡ᠃
ᠡᠭᠦᠨ ᠳ᠋ᠦ᠍ ᠬᠢᠲᠠᠳ ᠤ᠋ᠨ ᠺᠣᠮᠪᠣ ᠬᠠᠨ ᠠᠭᠤᠷᠯᠠᠵᠤ ᠬᠠᠷᠢ ᠶ᠋ᠢᠨ ᠡᠯᠴᠢ ᠶ᠋ᠢ ᠠᠷᠢᠶᠠᠲᠠᠨ ᠬᠢᠮᠣᠰᠣᠳᠡᠨ ᠭᠡᠮᠡᠨ ᠬᠤᠳᠠᠯ ᠬᠡᠯᠡᠯ᠎ᠡ ᠭᠡᠳ ᠮᠡᠷᠭᠡᠨ ᠰᠠᠢᠨ ᠡᠮᠴᠢ ᠨᠠᠷ ᠢ᠋ᠶ᠋ᠠᠨ ᠴᠢᠩᠭ᠎ᠠ ᠰᠢᠳᠬᠡᠪᠡ ᠭᠡᠨ᠎ᠡ᠃
ᠲᠡᠭᠡᠭᠡᠳ ᠬᠢᠲᠠᠳ ᠤ᠋ᠨ ᠺᠣᠮᠪᠣ ᠬᠠᠨ ᠣᠢᠲᠤ ᠮᠡᠷᠭᠡᠨ ᠲᠠᠮᠤᠨ᠎ᠠ ᠳ᠋ᠤ᠌᠄
《ᠡᠪᠡᠳᠴᠢᠨ ᠴᠢᠨᠢ ᠡᠳᠡᠭᠡᠬᠦ ᠳ᠋ᠦ᠍ ᠶᠠᠮᠠᠷ ᠠᠷᠭ᠎ᠠ ᠪᠠᠢᠨ᠎ᠠ? ᠥᠪᠡᠷ ᠢ᠋ᠶ᠋ᠡᠨ ᠬᠡᠯᠡᠭᠡᠳ ᠥᠭᠭᠦᠨᠡᠦ?》 ᠭᠡᠮᠡᠨ ᠠᠰᠠᠭᠤᠪᠠ᠃ ᠡᠭᠦᠨ ᠳ᠋ᠦ᠍ ᠣᠢᠲᠤ ᠮᠡᠷᠭᠡᠨ ᠲᠠᠮᠤᠨ᠎ᠠ ᠬᠢᠲᠠᠳ ᠤ᠋ᠨ ᠺᠣᠮᠪᠣ ᠬᠠᠨ ᠤ᠋ ᠬᠡᠪ ᠲᠣᠷᠭ᠎ᠠ ᠨᠢ ᠶᠡᠬᠡ᠂ ᠽᠠᠨᠳᠠᠨ ᠮᠣᠳᠣ ᠨᠢ ᠶᠡᠬᠡ᠂ ᠬᠣᠨᠢ ᠨᠢ ᠶᠡᠬᠡ ᠭᠡᠳᠡᠭ ᠪᠢᠯᠡ᠃ ᠣᠳᠣ ᠪᠢ ᠲᠡᠭᠦᠨ ᠦ᠌ ᠶᠡᠬᠡ ᠭᠡᠭᠴᠢ ᠶ᠋ᠢ ᠨᠢ ᠦᠵᠡᠶ᠎ᠡ ᠭᠡᠵᠦ ᠪᠣᠳᠣᠭᠠᠳ᠄
《ᠬᠣᠨᠢᠨ ᠤ᠋ ᠬᠦᠵᠦᠭᠦᠨ ᠦ᠌ ᠴᠢᠰᠤᠨ ᠠ᠋ᠴᠠ ᠨᠢᠭᠡ ᠪᠠᠯᠭᠤ ᠤᠤᠭᠤᠪᠠᠯ ᠡᠳᠡᠭᠡᠨ᠎ᠡ》ᠭᠡᠪᠡ᠃
ᠬᠣᠨᠢᠨ ᠤ᠋ ᠬᠦᠵᠦᠭᠦᠨ ᠡᠴᠡ ᠴᠢᠰᠤ ᠭᠠᠷᠬᠤ ᠦᠭᠡᠢ ᠲᠤᠯᠠ ᠬᠣᠨᠢ ᠪᠠᠨ ᠠᠯᠠᠵᠤ ᠪᠠᠢᠭᠠᠳ ᠪᠠᠷᠠᠭᠰᠠᠨ ᠭᠡᠨ᠎ᠡ᠃
《ᠬᠣᠨᠢᠨ ᠤ᠋ ᠬᠦᠵᠦᠭᠦᠨ ᠡᠴᠡ ᠴᠢᠰᠤ ᠭᠠᠷᠤᠭᠰᠠᠨ ᠦᠭᠡᠢ᠂ ᠣᠳᠣ ᠶᠠᠮᠠᠷ ᠠᠷᠭ᠎ᠠ ᠪᠠᠢᠨ᠎ᠠ?》 ᠭᠡᠵᠦ ᠬᠢᠲᠠᠳ ᠤ᠋ᠨ ᠺᠤᠮᠪᠤ ᠬᠠᠨ ᠬᠡᠯᠡᠬᠦᠯ᠎ᠡ ᠣᠢᠲᠤ ᠮᠡᠷᠭᠡᠨ ᠲᠠᠮᠤᠨ᠎ᠠ᠄
《ᠽᠠᠨᠳᠠᠨ ᠮᠣᠳᠣᠨ ᠤ᠋ ᠦᠨᠡᠰᠦ ᠡᠴᠡ ᠨᠢᠭᠡ ᠠᠳᠬᠤ ᠠᠪᠤᠭᠠᠳ ᠢᠷᠡᠪᠡᠯ ᠪᠣᠯᠤᠨ᠎ᠠ 》 ᠭᠡᠪᠡ᠃
ᠲᠡᠭᠡᠭᠡᠳ ᠪᠦᠬᠦ ᠽᠠᠨᠳᠠᠨ ᠮᠣᠳᠣ ᠶ᠋ᠢ ᠪᠠᠷᠠᠲᠠᠯ᠎ᠠ ᠲᠦᠯᠡᠬᠦᠯ᠎ᠡ ᠦᠨᠡᠰᠦ ᠭᠠᠷᠴᠤ ᠦᠭᠡᠢ᠃ ᠲᠡᠭᠡᠬᠦ ᠳ᠋ᠦ᠍ ᠺᠤᠮᠪᠤ ᠬᠠᠨ᠄
《ᠽᠠᠨᠳᠠᠨ ᠮᠣᠳᠣ ᠲᠦᠯᠡᠭᠡᠳ ᠦᠨᠡᠰᠦ ᠭᠠᠷᠤᠭᠰᠠᠨ ᠦᠭᠡᠢ᠃ ᠣᠳᠣ ᠥᠭᠡᠷ᠎ᠡ ᠶᠠᠮᠠᠷ ᠠᠷᠭ᠎ᠠ ᠪᠠᠢᠨ᠎ᠠ?》ᠭᠡᠵᠦ ᠠᠰᠠᠭᠤᠭᠰᠠᠨ ᠳ᠋ᠤ᠌ ᠣᠢᠲᠤ ᠮᠡᠷᠭᠡᠨ ᠲᠠᠮᠤᠨ᠎ᠠ᠄
《ᠬᠡᠪ ᠲᠣᠷᠭ᠎ᠠ ᠲᠦᠯᠡᠭᠡᠳ ᠲᠡᠭᠦᠨ ᠦ᠌ ᠦᠨᠡᠰᠦᠨ ᠡᠴᠡ ᠨᠢᠭᠡ ᠠᠳᠬᠤ ᠠᠪᠤᠭᠠᠳ ᠢᠷᠡᠭᠰᠡᠨ ᠴᠦ᠍ ᠪᠣᠯᠴᠢᠬᠠᠨ᠎ᠠ》 ᠭᠡᠪᠡ᠃
   ᠲᠡᠭᠡᠭᠡᠳ ᠲᠡᠳᠡᠨ ᠬᠡᠪ ᠲᠣᠷᠭ᠎ᠠ ᠪᠦᠬᠦᠨ ᠢ᠋ ᠲᠦᠯᠡᠭᠰᠡᠨ ᠪᠣᠯᠪᠠᠴᠤ ᠨᠢᠭᠡ ᠴᠢᠮᠬᠢ ᠴᠦ᠍ ᠦᠨᠡᠰᠦ ᠭᠠᠷᠤᠭᠰᠠᠨ ᠦᠭᠡᠢ᠃ ᠡᠭᠦᠨ ᠢ᠋ ᠣᠢᠲᠤ ᠮᠡᠷᠭᠡᠨ ᠲᠠᠮᠤᠨ᠎ᠠ ᠳ᠋ᠤ᠌ ᠬᠡᠯᠡᠬᠦᠯ᠎ᠡ ᠣᠢᠲᠤ ᠮᠡᠷᠭᠡᠨ ᠲᠠᠮᠤᠨ᠎ᠠ ᠴᠠᠭᠠᠨ ᠳᠠᠷᠬᠢ ᠨᠣᠭᠣᠭᠠᠨ ᠳᠠᠷᠬᠢ ᠬᠣᠶᠠᠷ ᠵᠠᠮ ᠳ᠋ᠤ᠌ ᠬᠣᠯᠠᠳᠪᠠ ᠭᠡᠵᠦ ᠪᠣᠳᠣᠭᠠᠳ᠄
《ᠪᠢ ᠡᠪᠡᠳᠴᠢᠨ ᠦ᠌ ᠬᠡᠷᠡᠭ ᠢ᠋ᠶ᠋ᠡᠷ ᠲᠠᠨ ᠤ᠋ ᠡᠨᠳᠡ ᠤᠳᠠᠭᠠᠨ ᠪᠣᠯᠪᠠ᠃ ᠣᠳᠣ ᠪᠢ ᠤᠷᠢᠳᠠᠬᠢ ᠠ᠋ᠴᠠ ᠭᠠᠢᠭᠤᠢ ᠪᠣᠯᠤᠭᠰᠠᠨ ᠲᠤᠯᠠ ᠮᠣᠷᠢ ᠤᠨᠤᠭᠠᠳ ᠲᠡᠷᠡ ᠨᠢᠭᠡ ᠲᠣᠯᠣᠭᠠᠢ ᠳᠡᠭᠡᠷ᠎ᠡ ᠭᠠᠷᠤᠭᠠᠳ ᠢᠷᠡᠶ᠎ᠡ᠃ ᠨᠠᠳᠠ ᠬᠠᠨ ᠲᠠ ᠰᠢᠷ᠎ᠠ ᠴᠢᠬᠢᠲᠡᠢ ᠬᠠᠷ᠎ᠠ ᠲᠣᠯᠣᠭᠠᠢᠲᠠᠢ ᠬᠤᠷᠳᠤᠨ ᠬᠤᠨ ᠴᠠᠭᠠᠨ ᠭᠡᠳᠡᠭ ᠮᠣᠷᠢ ᠶ᠋ᠢ ᠠᠪᠴᠢᠷᠠᠭᠠᠳ ᠲᠣᠬᠣᠭᠠᠳ ᠦᠭᠭᠦᠭᠳᠤᠨ》ᠭᠡᠪᠡ᠃ ᠲᠡᠭᠡᠬᠦ ᠳ᠋ᠦ᠍ ᠲᠡᠷᠡᠬᠦ ᠮᠣᠷᠢ ᠶ᠋ᠢ ᠨᠢ ᠠᠪᠴᠤ ᠢᠷᠡᠭᠡᠳ ᠦᠭᠭᠦ ᠳ᠋ᠦ᠍ ᠣᠢᠲᠤ ᠮᠡᠷᠭᠡᠨ ᠲᠠᠮᠤᠨ᠎ᠠ ᠤᠨᠤᠭᠠᠳ ᠲᠣᠯᠣᠭᠠᠢ ᠳᠡᠭᠡᠷ᠎ᠡ ᠭᠠᠷᠤᠨ ᠵᠣᠭᠰᠣᠵᠤ ᠪᠠᠢᠭᠠᠳ ᠬᠢᠲᠠᠳ ᠤ᠋ᠨ ᠺᠤᠮᠪᠤ ᠬᠠᠨ ᠳ᠋ᠤ᠌᠄
    ᠨᠠᠮᠠᠶ᠋ᠢ ᠠᠩᠬ᠎ᠠ ᠡᠨᠳᠡ ᠢᠷᠡᠬᠦ ᠳ᠋ᠦ᠍ ᠬᠦᠯᠢᠶᠡᠯᠭᠡᠵᠦ ᠰᠠᠭᠠᠲᠠᠭᠠᠵᠤ ᠵᠣᠪᠠᠭᠠᠭᠰᠠᠨ ᠤ᠋ ᠬᠠᠷᠢᠭᠤ ᠳ᠋ᠤ᠌ ᠴᠢᠨᠢ ᠪᠢ᠂ ᠶᠡᠬᠡ ᠭᠡᠳᠡᠭ ᠬᠣᠨᠢ ᠶ᠋ᠢ ᠴᠢᠨᠢ ᠠᠯᠠᠭᠤᠯᠵᠤ ᠪᠠᠷᠠᠪᠠ᠃ ᠶᠡᠬᠡ ᠭᠡᠵᠦ ᠬᠡᠯᠡᠯᠴᠡᠳᠡᠭ ᠽᠠᠨᠳᠠᠨ ᠮᠣᠳᠣ ᠪᠣᠯᠤᠨ ᠬᠡᠪ ᠲᠣᠷᠭ᠎ᠠ ᠶ᠋ᠢ ᠴᠢᠨᠢ ᠰᠢᠲᠠᠭᠠᠯᠭᠠᠵᠤ ᠪᠠᠷᠠᠪᠠ᠃ ᠨᠣᠭᠣᠭᠠᠨ ᠳᠠᠷᠬᠢ ᠴᠠᠭᠠᠨ ᠳᠠᠷᠬᠢ ᠬᠣᠶᠠᠷ ᠢ᠋ ᠴᠢᠨᠢ ᠵᠠᠯᠠᠵᠤ ᠠᠪᠤᠪᠠ᠃ ᠰᠢᠷ᠎ᠠ ᠴᠢᠬᠢᠲᠡᠢ ᠬᠠᠷ᠎ᠠ ᠲᠣᠯᠣᠭᠠᠢᠲᠠᠢ ᠬᠤᠷᠳᠤᠨ ᠬᠤᠨ ᠴᠠᠭᠠᠨ ᠬᠥᠯᠦᠭ ᠢ᠋ ᠴᠢᠨᠢ ᠤᠨᠤᠵᠤ ᠠᠪᠤᠯ᠎ᠠ ᠪᠢ᠃ ᠵᠠ᠂ ᠪᠠᠶᠠᠷᠲᠠᠢ᠂ ᠰᠠᠢᠨ ᠪᠠᠢᠭᠠᠷᠠᠢ》 ᠭᠡᠮᠡᠨ ᠬᠡᠯᠡᠮᠡᠭᠴᠡ ᠨᠤᠲᠤᠭ ᠢ᠋ᠶ᠋ᠠᠨ ᠴᠢᠭᠯᠡᠭᠡᠳ ᠲᠣᠭᠣᠰᠣ ᠪᠤᠲᠠᠷᠠᠭᠤᠯᠤᠨ ᠳᠠᠪᠬᠢᠵᠤ ᠣᠳᠪᠠ ᠭᠡᠨ᠎ᠡ᠃
ᠲᠡᠭᠡᠭᠡᠳ ᠣᠢᠲᠤ ᠮᠡᠷᠭᠡᠨ ᠲᠠᠮᠤᠨ᠎ᠠ ᠴᠠᠭᠠᠨ ᠳᠠᠷᠬᠢ ᠨᠣᠭᠣᠭᠠᠨ ᠳᠠᠷᠬᠢ ᠬᠣᠶᠠᠷ ᠢ᠋
ᠭᠦᠢᠴᠡᠵᠦ ᠢᠷᠡᠭᠡᠳ᠄
《ᠲᠠᠨᠠᠷ ᠣᠨ ᠵᠠᠯᠠᠷᠠᠭᠠᠳ ᠢᠷᠡᠵᠦ ᠪᠠᠢᠬᠤ ᠴᠢᠮᠡᠭᠡ ᠶ᠋ᠢ ᠪᠢ ᠤᠷᠢᠳᠠᠪᠠᠷ ᠰᠣᠷᠢᠨᠵᠢᠨ ᠺᠤᠮᠪᠤ ᠬᠠᠨ ᠳ᠋ᠤ᠌ ᠬᠦᠷᠦᠭᠡᠳ ᠬᠡᠯᠡᠶ᠎ᠡ》ᠭᠡᠵᠦ ᠤᠷᠢᠳᠠᠪᠠᠷ ᠶᠠᠪᠤᠪᠠ᠃
ᠣᠢᠲᠤ ᠮᠡᠷᠭᠡᠨ ᠲᠠᠮᠤᠨ᠎ᠠ ᠴᠢᠮᠡᠭᠡ ᠬᠦᠷᠭᠡᠵᠦ ᠢᠷᠡᠬᠦᠯ᠎ᠡ ᠰᠣᠷᠢᠨᠵᠢᠨ ᠺᠤᠮᠪᠤ ᠬᠠᠨ ᠲᠡᠭᠦᠨ ᠡᠴᠡ᠄
《ᠵᠠᠯᠠᠵᠤ ᠢᠷᠡᠭᠰᠡᠨ ᠬᠣᠶᠠᠷ ᠳᠠᠷᠬᠢ ᠥᠩᠭᠡ ᠵᠢᠰᠦ ᠪᠡᠷ ᠶᠠᠮᠠᠷ ᠪᠣᠢ?》 ᠭᠡᠮᠡᠨ ᠠᠰᠠᠭᠤᠬᠤ ᠳ᠋ᠤ᠌ ᠣᠢᠲᠤ ᠮᠡᠷᠭᠡᠨ ᠲᠠᠮᠤᠨ᠎ᠠ᠄
《ᠥᠩᠭᠡ ᠵᠢᠰᠦ ᠨᠢ ᠴᠦ᠍ ᠦᠵᠡᠰᠬᠦᠯᠡᠩ ᠪᠠᠢᠨ᠎ᠠ᠃ ᠭᠡᠲᠡᠯ᠎ᠡ ᠲᠠᠤᠯᠠᠢ ᠤᠷᠤᠭᠤᠯ ᠲᠠᠢ ᠰᠠᠨᠵᠢ》 ᠭᠡᠵᠦ ᠬᠤᠳᠠᠯ ᠬᠡᠯᠡᠭᠡᠳ᠂ ᠵᠠᠯᠠᠵᠤ ᠢᠷᠡᠭᠰᠡᠨ ᠳᠠᠷᠬᠢ ᠳ᠋ᠤ᠌ ᠰᠣᠷᠢᠨᠵᠢᠨ ᠺᠤᠮᠪᠤ ᠬᠠᠨ ᠤ᠋ ᠪᠠᠷᠰ ᠠᠮᠠ ᠲᠠᠢ ᠶᠤᠮ ᠭᠡᠪᠡ᠃
ᠬᠠᠨ ᠬᠣᠶᠠᠷ ᠳᠠᠷᠬᠢ ᠶ᠋ᠢ ᠦᠵᠡᠭᠡᠳ ᠡᠢᠮᠦ ᠰᠠᠢᠬᠠᠨ ᠵᠢᠷᠤᠭ ᠰᠢᠭ᠋ ᠳᠠᠷᠬᠢ ᠶ᠋ᠢ ᠣᠢᠲᠤ ᠮᠡᠷᠭᠡᠨ ᠲᠠᠮᠤᠨ᠎ᠠ ᠶᠠᠭᠤᠨ ᠳ᠋ᠤ᠌ ᠮᠠᠭᠤᠴᠢᠯᠠᠭᠠᠳ ᠬᠤᠳᠠᠯ ᠬᠡᠯᠡᠪᠡ ᠭᠡᠵᠦ ᠠᠭᠤᠷᠯᠠᠭᠠᠳ ᠣᠢᠲᠤ ᠮᠡᠷᠭᠡᠨ ᠲᠠᠮᠤᠨ᠎ᠠ ᠶ᠋ᠢᠨ ᠬᠣᠶᠠᠷ ᠨᠢᠳᠦᠨ ᠦ᠌ ᠴᠡᠴᠦᠭᠡᠢ ᠶ᠋ᠢ ᠨᠢ ᠵᠡᠭᠦᠦ ᠪᠡᠷ ᠰᠢᠭᠠᠵᠤ ᠰᠣᠬᠣᠯᠤᠭᠠᠳ ᠣᠷᠳᠣᠨ ᠠ᠋ᠴᠠ ᠪᠠᠨ ᠬᠥᠭᠡᠭᠡᠨ ᠶᠠᠪᠤᠭᠤᠯᠪᠠ᠃
ᠬᠣᠶᠠᠷ ᠨᠢᠳᠦᠨ ᠡᠴᠡ ᠪᠡᠨ ᠰᠠᠯᠤᠭᠰᠠᠨ ᠣᠢᠲᠤ ᠮᠡᠷᠭᠡᠨ ᠲᠠᠮᠤᠨ᠎ᠠ ᠲᠡᠮᠲᠡᠷᠬᠢᠯᠡᠨ ᠶᠠᠪᠤᠵᠤ ᠪᠠᠢᠭᠠᠳ ᠲᠣᠬᠣᠢ ᠶ᠋ᠢᠨ ᠴᠢᠨᠡᠭᠡ ᠨᠢᠭᠡ ᠬᠠᠷ᠎ᠠ ᠴᠢᠯᠠᠭᠤ ᠣᠯᠤᠭᠠᠳ ᠲᠡᠭᠦᠨ ᠢ᠋ ᠭᠤᠷᠪᠠᠨ ᠳᠣᠯᠣᠭ᠎ᠠ ᠬᠣᠨᠣᠭ ᠲᠠᠷᠨᠢᠳᠠᠭᠠᠳ᠂ ᠲᠡᠭᠦᠨ ᠢ᠋ᠶ᠋ᠡᠷ ᠢ᠋ᠶ᠋ᠡᠨ ᠠᠷᠪᠠᠰ ᠬᠠᠷ᠎ᠠ ᠬᠥᠪᠡᠭᠦᠨ ᠪᠣᠯᠭᠠᠵᠤ ᠪᠡᠶ᠎ᠡ ᠪᠡᠨ ᠲᠡᠵᠢᠭᠡᠯᠭᠡᠨ ᠠᠰᠠᠷᠠᠭᠤᠯᠪᠠ᠃
ᠠᠷᠪᠠᠰ ᠬᠠᠷ᠎ᠠ ᠬᠥᠪᠡᠭᠦᠨ ᠠᠪᠤ ᠪᠠᠨ ᠪᠠᠭᠤᠷᠠᠢ ᠳ᠋ᠠᠭᠠᠨ ᠥᠯᠳᠡᠭᠡᠭᠡᠳ ᠡᠳᠦᠷ ᠲᠤᠨᠢ ᠠᠩ ᠠᠪᠠᠯᠠᠭᠠᠳ ᠶᠠᠪᠤᠴᠢᠬᠠᠳᠠᠭ ᠪᠠᠢᠵᠠᠢ᠃ ᠶᠠᠭ ᠡᠨᠡ ᠦᠶ᠎ᠡ ᠳ᠋ᠦ᠍ ᠵᠣᠣ ᠶ᠋ᠢᠨ ᠠᠯᠲᠠᠨ ᠲᠡᠭᠡᠭᠡᠪᠦᠷᠢ ᠲᠡᠢ ᠪᠠᠭᠤᠳᠠᠯ ᠪᠤᠰᠬᠠᠨ᠎ᠠ ᠭᠡᠳ ᠲᠥᠪᠡᠳ ᠦ᠋ᠨ ᠣᠷᠣᠨ ᠳ᠋ᠤ᠌ ᠰᠦᠮ᠎ᠡ ᠪᠠᠷᠢᠯᠭ᠎ᠠ ᠡᠬᠢᠯᠡᠵᠡᠢ᠃ ᠭᠡᠲᠡᠯ᠎ᠡ ᠪᠠᠷᠢᠯᠭ᠎ᠠ ᠨᠢ ᠡᠳᠦᠷ ᠲᠦ᠍ ᠪᠣᠰᠤᠭᠠᠳ ᠰᠥᠨᠢ ᠨᠤᠷᠠᠵᠤ᠂ ᠰᠦᠮ᠎ᠡ ᠶ᠋ᠢᠨ ᠪᠠᠷᠢᠯᠭ᠎ᠠ ᠶ᠋ᠢ ᠪᠣᠰᠬᠠᠵᠤ ᠶᠠᠳᠠᠪᠠ᠃ ᠡᠭᠦᠨ ᠳ᠋ᠦ᠍ ᠵᠠᠮᠰᠥᠢ᠍ᠷᠣᠩ ᠰᠠᠬᠢᠭᠤᠯᠰᠤᠨ᠄
《ᠣᠷᠴᠢᠯᠠᠩ ᠳᠡᠭᠡᠷ᠎ᠡ ᠣᠢᠲᠤ ᠮᠡᠷᠭᠡᠨ ᠲᠠᠮᠤᠨ᠎ᠠ ᠠ᠋ᠴᠠ ᠥᠭᠡᠷ᠎ᠡ ᠬᠥᠮᠦᠨ ᠡᠭᠦᠨ ᠦ᠌ ᠤᠴᠢᠷ ᠢ᠋ ᠮᠡᠳᠡᠬᠦ ᠶᠣᠰᠣ ᠦᠭᠡᠢ᠃ ᠣᠳᠣ ᠣᠢᠲᠤ ᠮᠡᠷᠭᠡᠨ ᠲᠠᠮᠤᠨ᠎ᠠ ᠠ᠋ᠴᠠ ᠠᠷᠭᠠᠳᠠᠵᠤ ᠠᠰᠠᠭᠤᠭᠠᠳ ᠮᠡᠳᠡᠶ᠎ᠡ᠂》 ᠭᠡᠳ ᠪᠡᠶ᠎ᠡ ᠪᠡᠨ ᠴᠠᠭᠠᠨ ᠮᠠᠨᠵᠢ ᠬᠤᠪᠢᠯᠭᠠᠨ᠂ ᠲᠠᠪᠤᠨ ᠴᠠᠭᠠᠨ ᠢᠮᠠᠭ᠎ᠠ ᠲᠠᠭᠤᠵᠤ᠂ ᠬᠣᠶᠠᠷ ᠬᠠᠲᠠᠭᠤ ᠬᠤᠷᠤᠳ ᠡᠪᠦᠷᠲᠦᠯᠡᠵᠦ ᠢᠷᠡᠪᠡ᠃ ᠲᠡᠭᠡᠭᠡᠳ ᠠᠷᠪᠠᠰ ᠬᠥᠪᠡᠭᠦᠨ ᠦ᠌ ᠠᠩ ᠠᠪᠠᠯᠠᠭᠠᠳ ᠭᠡᠷ ᠡᠴᠡ ᠪᠡᠨ ᠬᠣᠯᠠᠳᠤᠭᠰᠠᠨ ᠵᠠᠪ ᠢ᠋ ᠠᠰᠢᠭᠯᠠᠵᠤ ᠣᠢᠲᠤ ᠮᠡᠷᠭᠡᠨ ᠲᠠᠮᠤᠨ᠎ᠠ ᠶ᠋ᠢᠨ ᠬᠠᠵᠠᠭᠤ ᠳ᠋ᠤ᠌ ᠢᠷᠡᠵᠦ ᠰᠠᠭᠤᠭᠠᠳ ᠵᠣᠣ ᠶ᠋ᠢᠨ ᠪᠠᠷᠢᠯᠭ᠎ᠠ ᠪᠤᠰᠬᠠᠵᠤ ᠴᠢᠳᠠᠯ ᠦᠭᠡᠢ ᠪᠠᠢᠬᠤ ᠶ᠋ᠢ ᠬᠡᠯᠡᠬᠦ ᠶ᠋ᠢᠨ ᠳᠠᠭᠠᠤ ᠬᠤᠷᠤᠳ ᠢ᠋ᠶ᠋ᠠᠨ ᠭᠠᠷᠭᠠᠵᠤ ᠲᠦᠷᠴᠢᠭᠢᠨᠡᠲᠡᠯ᠎ᠡ ᠬᠡᠮᠡᠯᠢᠪᠡ᠃ ᠣᠢᠲᠤ ᠮᠡᠷᠭᠡᠨ ᠲᠠᠮᠤᠨ᠎ᠠ ᠰᠣᠨᠣᠰᠤᠭᠠᠳ᠄
《ᠢᠰᠬᠦᠯᠡᠩ ᠢ᠋ ᠢᠳᠡᠪᠡᠯ ᠰᠢᠯᠦᠰᠦ ᠠᠰᠬᠠᠷᠠᠳᠠᠭ᠂ ᠢᠨᠠᠭ ᠢ᠋ ᠰᠠᠨᠠᠬᠤᠯ᠎ᠠ ᠨᠢᠯᠪᠤᠰᠤ ᠠᠰᠬᠠᠷᠠᠳᠠᠭ ᠶᠤᠮ᠂ ᠬᠥᠪᠡᠭᠦᠨ ᠬᠤᠷᠤᠳ ᠴᠢᠨᠢ ᠪᠠᠢᠪᠠᠯ ᠨᠢᠭᠡ ᠶ᠋ᠢ ᠥᠭ》 ᠭᠡᠪᠡ᠃ ᠴᠠᠭᠠᠨ ᠮᠠᠨᠵᠢ ᠳᠠᠪ ᠭᠡᠲᠡᠯ᠎ᠡ ᠬᠤᠷᠤᠳ ᠠ᠋ᠴᠠ ᠪᠠᠨ ᠨᠢᠭᠡ ᠶ᠋ᠢ ᠣᠢᠲᠤ ᠮᠡᠷᠭᠡᠨ ᠲᠠᠮᠤᠨ᠎ᠠ ᠳ᠋ᠤ᠌ ᠥᠭᠭᠦᠭᠡᠳ ᠣᠷᠬᠢᠪᠠ᠃ ᠣᠢᠲᠤ ᠮᠡᠷᠭᠡᠨ ᠲᠠᠮᠤᠨ᠎ᠠ ᠢᠳᠡᠭᠡᠳ ᠰᠣᠭᠲᠣᠵᠤ᠄
《ᠯᠤᠤᠰᠲᠤ ᠶ᠋ᠢᠨ ᠬᠠᠨ ᠤ᠋ ᠭᠦᠢᠰᠦᠨ ᠳᠡᠭᠡᠷ᠎ᠡ ᠰᠦᠮ᠎ᠡ ᠪᠠᠷᠢᠵᠤ ᠪᠣᠯᠳᠠᠭ ᠶᠤᠮ ᠤᠤ? ᠴᠠᠭᠠᠨ ᠳᠠᠷᠬᠢ ᠨᠣᠭᠣᠭᠠᠨ ᠳᠠᠷᠬᠢ ᠬᠣᠶᠠᠷ ᠤ᠋ᠨ ᠮᠥᠩᠭᠥᠨ ᠪᠦᠯᠡᠵᠡᠭ ᠠᠯᠲᠠᠨ ᠪᠦᠯᠡᠵᠡᠭ ᠬᠣᠶᠠᠷ ᠢ᠋ ᠠᠪᠴᠤ ᠢᠷᠡᠭᠡᠳ ᠲᠠᠯᠪᠢᠬᠤᠯ᠎ᠠ ᠪᠣᠰᠬᠠᠵᠤ ᠪᠣᠯᠤᠨ᠎ᠠ ᠭᠡᠳ ᠦᠭᠡ ᠠᠯᠳᠠᠭᠠᠳ ᠣᠷᠬᠢᠪᠠ᠃ ᠴᠠᠭᠠᠨ ᠮᠠᠨᠵᠢ᠂ ᠣᠢᠲᠤ ᠮᠡᠷᠭᠡᠨ ᠲᠠᠮᠤᠨ᠎ᠠ ᠠ᠋ᠴᠠ ᠦᠭᠡ ᠠᠯᠳᠠᠭᠤᠯᠵᠤ ᠠᠪᠤᠭᠠᠳ ᠲᠦᠷᠭᠡᠨ ᠭᠠᠷᠴᠤ ᠲᠠᠪᠤᠨ ᠢᠮᠠᠭ᠎ᠠ ᠪᠠᠨ ᠲᠠᠭᠤᠭᠠᠳ ᠶᠠᠪᠤᠪᠠ᠃
ᠬᠡᠰᠡᠭ ᠤᠳᠠᠭᠠᠳ ᠣᠢᠲᠤ ᠮᠡᠷᠭᠡᠨ ᠲᠠᠮᠤᠨ᠎ᠠ ᠰᠡᠷᠡᠵᠦ ᠦᠭᠡ ᠠᠯᠳᠠᠭᠰᠠᠨ ᠢ᠋ᠶ᠋ᠠᠨ ᠮᠡᠳᠡᠭᠡᠳ ᠠᠷᠪᠠᠰ ᠬᠠᠷ᠎ᠠ ᠬᠥᠪᠡᠭᠦᠨ ᠨᠢ ᠢᠷᠡᠬᠦᠯ᠎ᠡ ᠲᠡᠭᠦᠨ ᠢ᠋ᠶ᠋ᠡᠷ ᠲᠡᠷᠡ ᠳᠣᠣᠷ᠎ᠠ ᠨᠢ ᠨᠡᠬᠡᠭᠦᠯᠪᠡ᠃ ᠭᠡᠪᠡᠴᠦ ᠨᠡᠬᠡᠵᠦ ᠭᠦᠢᠴᠡᠭᠰᠡᠨ ᠦᠭᠡᠢ᠂ ᠴᠠᠭᠠᠨ ᠮᠠᠨᠵᠢ ᠨᠢᠭᠡᠨᠲᠡ ᠪᠠᠢᠷᠢ ᠳ᠋ᠠᠭᠠᠨ ᠬᠦᠷᠦᠭᠰᠡᠨ ᠲᠤᠯᠠ ᠠᠷᠪᠠᠰ ᠬᠠᠷ᠎ᠠ ᠬᠥᠪᠡᠭᠦᠨ ᠠᠷᠭ᠎ᠠ ᠦᠭᠡᠢ ᠬᠠᠷᠢᠵᠤ ᠢᠷᠡᠬᠦᠯ᠎ᠡ ᠣᠢᠲᠤ ᠮᠡᠷᠭᠡᠨ ᠲᠠᠮᠤᠨ᠎ᠠ ᠠᠷᠪᠠᠰ ᠬᠥᠪᠡᠭᠦᠨ ᠳ᠋ᠡᠭᠡᠨ᠄
《ᠵᠠ᠂ ᠪᠣᠯᠵᠠᠢ᠂ ᠣᠳᠣ ᠨᠠᠮ᠎ᠠ ᠶ᠋ᠢ ᠡᠭᠦᠷᠦᠭᠡᠳ ᠶᠠᠪᠤ》 ᠭᠡᠪᠡ᠂ ᠲᠡᠳᠡᠨ ᠶᠠᠪᠤᠭᠰᠠᠭᠠᠷ ᠪᠠᠢᠵᠤ ᠨᠢᠭᠡ ᠠᠭᠤᠯᠠ ᠶ᠋ᠢᠨ ᠣᠷᠣᠢ ᠳᠡᠭᠡᠷ᠎ᠡ ᠭᠠᠷᠬᠤ ᠳ᠋ᠤ᠌ ᠣᠢᠲᠤ ᠮᠡᠷᠭᠡᠨ ᠲᠠᠮᠤᠨ᠎ᠠ ᠬᠥᠪᠡᠭᠦᠨ ᠡᠴᠡ ᠪᠡᠨ᠄
ᠬᠥᠪᠡᠭᠦᠨ ᠶᠠᠭᠤ ᠦᠵᠡᠭᠳᠡᠵᠦ ᠪᠠᠢᠨ᠎ᠠ?》 ᠭᠡᠬᠦ ᠳ᠋ᠦ᠍ ᠬᠥᠪᠡᠭᠦᠨ ᠨᠢ᠄
《ᠵᠣᠣ ᠶ᠋ᠢᠨ ᠰᠦᠮ᠎ᠡ ᠶ᠋ᠢ ᠪᠣᠰᠬᠠᠵᠤ ᠣᠷᠬᠢᠪᠠ》 ᠭᠡᠮᠡᠨ ᠬᠡᠯᠡᠵᠦ ᠥᠭᠪᠡ᠃
ᠵᠠ ᠲᠡᠭᠡᠪᠡᠯ ᠪᠣᠯᠵᠠᠢ᠂ ᠣᠳᠣ ᠠᠪᠤ ᠪᠠᠨ ᠡᠭᠦᠷᠦᠭᠡᠳ ᠶᠠᠪᠤ》 ᠭᠡᠪᠡ᠃
ᠲᠡᠳᠡ ᠶᠠᠪᠤᠭᠰᠠᠭᠠᠷ ᠪᠠᠢᠵᠤ ᠭᠠᠳᠠᠭᠠᠳᠤ ᠳᠠᠯᠠᠢ ᠶ᠋ᠢᠨ ᠬᠥᠪᠡᠭᠡ ᠳ᠋ᠦ᠍ ᠢᠷᠡᠬᠦ ᠳ᠋ᠦ᠍ ᠠᠪᠤ ᠨᠢ᠄
ᠶᠠᠮᠠᠷ ᠭᠠᠵᠠᠷ ᠲᠤ᠌ ᠢᠷᠡᠪᠡ? ᠶᠠᠭᠤ ᠦᠵᠡᠭᠳᠡᠵᠦ ᠪᠠᠢᠨ᠎ᠠ?》 ᠭᠡᠬᠦ ᠳ᠋ᠦ᠍ ᠬᠥᠪᠡᠭᠦᠨ ᠨᠢ᠄
《ᠨᠢᠭᠡ ᠶᠡᠬᠡ ᠳᠠᠯᠠᠢ ᠶ᠋ᠢᠨ ᠬᠥᠪᠡᠭᠡᠨ ᠳ᠋ᠦ᠍ ᠢᠷᠡᠪᠡ ᠃ ᠦᠬᠡᠷ ᠬᠠᠷ᠎ᠠ ᠳᠤᠯ ᠵᠢᠭᠠᠰᠤᠨ ᠦᠵᠡᠭᠳᠡᠵᠦ ᠪᠠᠢᠨ᠎ᠠ᠃》 ᠭᠡᠬᠦ ᠳ᠋ᠦ᠍ ᠣᠢᠲᠤ ᠮᠡᠷᠭᠡᠨ ᠲᠠᠮᠤᠨ᠎ᠠ᠄
《ᠴᠢ ᠲᠡᠷᠡ ᠵᠢᠭᠠᠰᠤᠨ ᠤ᠋ ᠭᠡᠳᠡᠰᠦ ᠶ᠋ᠢ ᠬᠠᠭ᠎ᠠ ᠲᠠᠲᠠᠭᠠᠳ ᠳᠣᠲᠣᠷᠠᠬᠢ ᠮᠣᠯ ᠣᠯᠠᠭᠠ ᠡᠷᠳᠡᠨᠢ ᠶ᠋ᠢ ᠨᠢ ᠰᠤᠭᠤᠯᠠᠭᠠᠳ ᠠᠪᠤᠭᠠᠳ ᠢᠷ᠎ᠡ!》
ᠭᠡᠬᠦ ᠳ᠋ᠦ᠍ ᠬᠥᠪᠡᠭᠦᠨ ᠦᠰᠦᠷᠴᠦ ᠪᠣᠰᠤᠭᠠᠳ ᠦᠬᠡᠷ ᠬᠠᠷ᠎ᠠ ᠳᠤᠯ ᠵᠢᠭᠠᠰᠤᠨ ᠤ᠋ ᠭᠡᠳᠡᠰᠦ ᠶ᠋ᠢ ᠬᠠᠭ᠎ᠠ ᠲᠠᠲᠠᠭᠠᠳ ᠳᠣᠲᠣᠷᠠᠬᠢ ᠮᠣᠯ ᠣᠯᠠᠭᠠ ᠡᠷᠳᠡᠨᠢ ᠶ᠋ᠢ ᠨᠢ ᠰᠤᠭᠤᠯᠵᠤ ᠠᠪᠴᠢᠷᠪᠠ᠃ ᠡᠭᠦᠨ ᠳ᠋ᠦ᠍ ᠠᠪᠤ ᠨᠢ᠄
《ᠵᠠ᠂ ᠲᠡᠭᠦᠨ ᠢ᠋ ᠠᠪᠤ ᠶ᠋ᠢᠨ ᠢ᠋ᠶ᠋ᠡᠨ ᠭᠠᠯ ᠮᠠᠩᠨᠠᠢ ᠳᠡᠭᠡᠷ᠎ᠡ ᠳᠠᠷᠤᠭᠠᠳ ᠳᠡᠯᠪᠢ᠂ ᠠᠪᠤ ᠶ᠋ᠢᠨ ᠴᠢᠨᠢ ᠨᠢᠳᠦ ᠡᠳᠡᠭᠡᠨ᠎ᠡ》 ᠭᠡᠪᠡ᠃
ᠬᠥᠪᠡᠭᠦᠨ ᠮᠣᠯ ᠣᠯᠠᠭᠠ ᠡᠷᠳᠡᠨᠢ ᠶ᠋ᠢ ᠭᠡᠳᠡᠷᠭᠦ ᠬᠡᠪᠲᠡᠭᠰᠡᠨ ᠠᠪᠤ ᠶ᠋ᠢᠨ ᠢ᠋ᠶ᠋ᠡᠨ ᠮᠠᠩᠨᠠᠢ ᠳᠡᠭᠡᠷ᠎ᠡ ᠲᠠᠯᠪᠢᠬᠤᠯ᠎ᠠ ᠣᠢᠲᠤ ᠮᠡᠷᠭᠡᠨ ᠲᠠᠮᠤᠨ᠎ᠠ ᠶ᠋ᠢᠨ ᠰᠣᠬᠣᠷᠠᠭᠰᠠᠨ ᠬᠣᠶᠠᠷ ᠨᠢᠳᠦ ᠨᠢ ᠡᠳᠡᠭᠡᠪᠡ᠃
ᠲᠡᠭᠡᠬᠦ ᠳ᠋ᠦ᠍ ᠣᠢᠲᠤ ᠮᠡᠷᠭᠡᠨ ᠲᠠᠮᠤᠨ᠎ᠠ ᠳᠠᠬᠢᠨ ᠰᠣᠷᠢᠨᠵᠢᠨ ᠺᠣᠮᠪᠣ ᠬᠠᠨ ᠤ᠋ ᠳ᠋ᠤ᠌ ᠣᠴᠢᠬᠤ ᠪᠠᠷ ᠠᠷᠪᠠᠰ ᠬᠠᠷ᠎ᠠ ᠬᠥᠪᠡᠭᠦᠨ ᠢ᠋ᠶ᠋ᠡᠷ ᠢ᠋ᠶ᠋ᠡᠨ ᠡᠭᠦᠷᠦᠭᠦᠯᠦᠨ ᠶᠠᠪᠤᠪᠠ᠃ ᠲᠡᠭᠦᠨ ᠦ᠌ ᠢᠷᠡᠵᠦ ᠪᠠᠢᠭ᠎ᠠ ᠴᠢᠮᠡᠭᠡ ᠶ᠋ᠢ ᠨᠢ ᠰᠣᠷᠢᠨᠵᠢᠨ ᠺᠣᠮᠪᠣ ᠬᠠᠨ ᠰᠣᠨᠣᠰᠤᠭᠠᠳ ᠭᠤᠷᠪᠠᠨ ᠡᠳᠦᠷ ᠦ᠋ᠨ ᠭᠠᠵᠠᠷ ᠠ᠋ᠴᠠ ᠡᠯᠴᠢ ᠲᠣᠮᠢᠯᠠᠨ ᠣᠴᠢᠭᠤᠯᠵᠤ᠂ ᠤᠭᠲᠤᠨ ᠠᠪᠴᠢᠷᠠᠭᠠᠳ ᠵᠠᠯᠠᠨ ᠵᠣᠴᠢᠯᠠᠵᠠᠢ᠃ ᠡᠭᠦᠨ ᠳ᠋ᠦ᠍ ᠣᠢᠲᠤ ᠮᠡᠷᠭᠡᠨ ᠲᠠᠮᠤᠨ᠎ᠠ᠄
《ᠵᠠ᠂ᠪᠢ ᠬᠠᠨ ᠲᠠᠨ ᠢ᠋ ᠬᠠᠨ ᠴᠠᠭ ᠲᠤ᠌ ᠣᠢᠲᠤ ᠮᠡᠷᠭᠡᠨ ᠲᠦᠰᠢᠮᠡᠯ ᠨᠢ ᠪᠣᠯᠵᠤ ᠲᠥᠷᠥᠯ᠎ᠡ᠃ ᠬᠢᠲᠠᠳ ᠤ᠋ᠨ ᠺᠣᠮᠪᠣ ᠬᠠᠨ ᠳ᠋ᠤ᠌ ᠰᠤᠮᠤᠴᠢ ᠪᠠᠷᠢᠶᠠᠴᠢ ᠪᠣᠯᠵᠤ ᠲᠥᠷᠥᠯ᠎ᠡ᠃ ᠭᠡᠰᠡᠷ ᠪᠣᠭᠳᠠ ᠬᠠᠨ ᠳ᠋ᠤ᠌ ᠪᠢᠯᠢᠭ ᠦ᠋ᠨ ᠬᠡᠭᠡᠷ ᠮᠣᠷᠢ ᠨᠢ ᠪᠣᠯᠵᠤ ᠲᠥᠷᠥᠯ᠎ᠡ᠃ ᠣᠳᠣ ᠲᠠ ᠠᠯᠢ ᠨᠢᠳᠦ ᠶ᠋ᠢ ᠮᠢᠨᠢ ᠰᠣᠬᠣᠯᠬᠤ ᠭᠡᠵᠦ ᠪᠠᠢᠨ᠎ᠠ》 ᠭᠡᠬᠦ ᠳ᠋ᠦ᠍ ᠰᠣᠷᠢᠨᠵᠢᠨ ᠺᠣᠮᠪᠣ ᠬᠠᠨ ᠬᠠᠷ᠎ᠠ ᠴᠠᠭᠠᠨ ᠳᠠᠭᠤ ᠭᠠᠷᠴᠤ ᠴᠢᠳᠠᠭᠰᠠᠨ ᠦᠭᠡᠢ ᠭᠡᠨ᠎ᠡ᠃
ᠲᠡᠭᠡᠭᠡᠳ ᠣᠢᠲᠤ ᠮᠡᠷᠭᠡᠨ ᠲᠠᠮᠤᠨ᠎ᠠ᠄
   《ᠡᠨᠡ ᠡᠷᠳᠡᠨᠢ ᠵᠣᠣ ᠳ᠋ᠤ᠌ ᠪᠠᠢᠬᠤ ᠵᠥᠪᠲᠡᠢ》 ᠭᠡᠵᠦ ᠬᠡᠯᠡᠭᠡᠳ ᠮᠣᠯ ᠣᠯᠠᠭᠠ ᠡᠷᠳᠡᠨᠢ ᠶ᠋ᠢ ᠵᠣᠣ ᠳ᠋ᠤ᠌ ᠥᠭᠴᠦ ᠬᠠᠳᠠᠭᠭᠠᠯᠠᠭᠣᠯᠣᠭᠰᠠᠠ ᠭᠡᠨ᠎ᠡ᠃

ᠵᠡᠭᠦᠯᠲᠡ᠄
   ᠲᠤᠰ ᠵᠣᠬᠢᠶᠠᠯ ᠢ᠋ ᠰᠢᠨᠵᠢᠶᠠᠩ ᠤ᠋ᠨ《ᠬᠠᠨ ᠲᠩᠷᠢ》 ᠰᠡᠳᠬᠦᠯ ᠦ᠋ᠨ1988 ᠣᠨ ᠤ᠋4 ᠳ᠋ᠦ᠍ᠭᠡᠷ ᠬᠤᠭᠤᠴᠠᠭ᠎ᠠ ᠠ᠋ᠴᠠ ᠰᠣᠩᠭᠣᠪᠠ᠃ ᠳᠤ· ᠶᠠᠷᠢᠮᠫᠧᠯ ᠦ᠋ᠨ ᠬᠡᠯᠡᠭᠰᠡᠨ ᠢ᠋ ᠯ· ᠪᠠᠲᠤᠬᠤᠳᠴᠠᠷ ᠲᠡᠮᠳᠡᠭᠯᠡᠵᠦ᠂ ᠣᠶᠤᠨᠭᠡᠷᠡᠯ ᠬᠤᠳᠤᠮᠴᠢᠯᠠᠪᠠ᠃ ᠲᠤᠰ ᠨᠣᠮ ᠳ᠋ᠤ᠌ ᠰᠣᠩᠭᠣᠭᠳᠠᠬᠤ ᠳ᠋ᠠᠭᠠᠨ ᠥᠭᠦᠯᠡᠪᠦᠷᠢ ᠶ᠋ᠢᠨ ᠲᠠᠯ᠎ᠠ ᠪᠠᠷ ᠪᠠᠭ᠎ᠠ ᠵᠠᠰᠠᠯᠲᠠ ᠬᠢᠵᠦ᠂ ᠠᠭᠤᠯᠭ᠎ᠠ ᠶ᠋ᠢᠨ ᠲᠠᠯ᠎ᠠ ᠪᠠᠷ ᠪᠠᠭ᠎ᠠ ᠲᠣᠪᠴᠢᠯᠠᠭᠰᠠᠨ ᠪᠣᠯᠬᠤ ᠪᠠᠨ ᠲᠣᠳᠣᠷᠬᠠᠢᠯᠠᠶ᠎ᠠ᠃

    ᠦᠰᠦᠭ ᠠᠮᠢᠯᠠᠭᠤᠯᠴᠢᠬᠠᠵᠠᠢ᠄ ᠲᠣᠳᠤᠭᠡᠷᠡᠯ᠂ ᠲ᠂ ᠴᠠᠭᠠᠨ᠂ ᠳ᠂ ᠣᠶᠤᠨᠴᠢᠮᠡᠭ ᠂ ᠨᠠ᠊᠂ ᠴᠠᠭᠠᠨ᠂ ᠪᠦᠷᠢᠨᠴᠡᠴᠡᠭ ᠂ ᠬᠦᠭᠵᠢᠯᠴᠡᠴᠡᠭ
    ᠬᠢᠨᠠᠭᠴᠢ᠄ ᠣᠳᠬᠠᠨᠰᠣ᠎ᠠ᠂ ᠲᠣᠭᠲᠠᠭᠤᠨ᠂ ᠲᠣᠳᠤᠭᠡᠷᠡᠯ