ᠪᠦᠰᠡᠭᠦᠢ ᠬᠥᠮᠦᠨ ᠰᠠᠢᠬᠠᠨ -ᠡᠷᠳᠡᠨᠢᠳᠤᠭᠤᠯᠠᠭᠠБүсгүй хүмүүн сайхан-Эрдэнэтуулга
ᠪᠦᠰᠡᠭᠦᠢ ᠬᠥᠮᠦᠨ ᠰᠠᠢᠬᠠᠨ
ᠡᠷᠳᠡᠨᠢᠳᠤᠭᠤᠯᠠᠭᠠ
ᠦᠷ ᠢ᠋ᠶ᠋ᠡᠷ ᠪᠣᠰᠴᠤ ᠦᠳᠡᠰᠢ ᠶ᠋ᠢᠨ ᠪᠦᠷᠦᠢ ᠪᠣᠯᠲᠠᠯ᠎ᠠ
ᠴᠠᠭ ᠦᠭᠡᠢ ᠠᠵᠢᠯᠯᠠᠳᠠᠭ ᠪᠦᠰᠡᠭᠦᠢ ᠲᠠᠨ ᠳ᠋ᠤ᠌ ᠪᠠᠨ ᠰᠢᠯᠦᠭ ᠢ᠋ᠶ᠋ᠡᠨ ᠡᠷᠭᠦᠨᠡᠮ
ᠥᠷᠯᠥᠭᠡ ᠶ᠋ᠢᠨ ᠨᠠᠷᠠᠨ ᠤ᠋ ᠲᠤᠶᠠᠭ᠎ᠠ ᠶ᠋ᠢ
ᠦᠨᠢᠶᠡᠨ ᠵᠠᠯᠠᠨ ᠳᠡᠭᠡᠷ᠎ᠡ ᠪᠡᠨ ᠰᠠᠭᠠᠲᠠᠭᠠᠵᠤ
ᠡᠷᠦᠬᠡᠨ ᠣᠭᠣᠰᠣᠷ ᠢ᠋ᠶ᠋ᠠᠨ ᠳᠠᠯᠠᠯᠵᠤ
ᠡᠭᠦᠷᠢᠳᠡ ᠪᠠᠳᠠᠷᠠᠬᠤ ᠥᠷᠥᠭᠡ ᠭᠡᠷ ᠲᠡᠭᠡᠨ ᠵᠢᠳᠬᠦᠵᠦ
ᠡᠶᠡᠯᠰᠡᠭ ᠪᠣᠷᠣᠭᠵᠢᠭᠤᠨ ᠵᠠᠩ ᠠᠭᠠᠯᠢ ᠲᠠᠢ
ᠪᠦᠰᠡᠭᠦᠢ ᠬᠥᠮᠦᠨ ᠰᠠᠢᠬᠠᠨ
ᠤᠷᠠᠯᠢᠭ ᠤᠶᠠᠨ ᠬᠣᠶᠠᠷ ᠭᠠᠷ ᠢ᠋ᠶ᠋ᠠᠷ ᠢ᠋ᠶ᠋ᠠᠨ
ᠤᠴᠢᠷ ᠪᠦᠬᠦᠨ ᠢ᠋ᠶ᠋ᠡᠨ ᠵᠦᠢᠴᠢᠯᠡᠨ ᠪᠦᠲᠦᠭᠡᠵᠦ
ᠡᠭᠡᠯ ᠪᠣᠷᠣᠭᠵᠢᠭᠤᠨ ᠠᠢᠯ ᠭᠡᠷ ᠢ᠋ᠶ᠋ᠡᠨ
ᠡᠪ ᠢ᠋ ᠨᠢ ᠦᠵᠡᠵᠦ ᠰᠡᠪ ᠢ᠋ ᠨᠢ ᠳᠠᠷᠤᠵᠤ
ᠰᠠᠨᠴᠢᠭ ᠤ᠋ᠨ ᠦᠰᠦᠨ ᠳ᠋ᠦ᠍ ᠨᠢ ᠬᠢᠷᠠᠭᠤ ᠪᠠᠭᠤᠭᠰᠠᠨ ᠴᠤ᠌
ᠰᠠᠨᠠᠭ᠎ᠠ ᠰᠡᠳᠬᠢᠯ ᠨᠢ ᠬᠠᠢᠷ᠎ᠠ ᠪᠢᠯᠬᠠᠮ᠎ᠠ
ᠪᠦᠰᠡᠭᠦᠢ ᠬᠥᠮᠦᠨ ᠰᠠᠢᠬᠠᠨ
ᠤᠯᠤᠰ ᠭᠡᠷ ᠲᠦ᠍ ᠪᠡᠨ ᠬᠠᠭᠠᠰ ᠲᠤᠯᠭᠠᠭᠤᠷᠢ
ᠡᠷᠦᠬᠡ ᠭᠡᠷ ᠲᠦ᠍ ᠪᠡᠨ ᠭᠣᠣᠯ ᠲᠤᠯᠭᠠᠭᠤᠷᠢ
ᠡᠷ᠎ᠡ ᠨᠥᠬᠥᠷ ᠲᠦ᠍ ᠪᠡᠨ ᠲᠦᠰᠢᠭ ᠲᠤᠯᠭᠠᠭᠤᠷᠢ
ᠦᠷ᠎ᠡ ᠬᠡᠦᠬᠡᠳ ᠲᠦ᠍ ᠪᠡᠨ ᠠᠮᠢᠨ ᠲᠤᠯᠭᠠᠭᠤᠷᠢ
ᠡᠷᠢᠶᠡᠨ ᠠᠯᠠᠭ ᠣᠷᠴᠢᠯᠠᠩ ᠳ᠋ᠤ᠌ ᠡᠭᠡᠯ ᠪᠣᠷᠣᠭᠵᠢᠭᠤᠨ
ᠡᠷᠬᠢᠮᠰᠦᠭ ᠪᠠᠢᠳᠠᠭ ᠢ᠋ᠶ᠋ᠠᠷ ᠢ᠋ᠶ᠋ᠠᠨ
ᠪᠦᠰᠡᠭᠦᠢ ᠬᠥᠮᠦᠨ ᠰᠠᠢᠬᠠᠨ
ᠲᠤᠩᠭᠠᠯᠠᠭ ᠬᠣᠶᠠᠷ ᠨᠢᠳᠦ ᠪᠡᠷ ᠢ᠋ᠶ᠋ᠡᠨ
ᠰᠡᠳᠬᠢᠯ ᠦ᠋ᠨ ᠭᠠᠯ ᠢ᠋ᠶ᠋ᠠᠨ ᠪᠠᠳᠠᠷᠭᠠᠨ
ᠬᠠᠢᠷ᠎ᠠ ᠶ᠋ᠢᠨ ᠳᠣᠲᠣᠨᠣ ᠬᠣᠷᠸ᠎ᠠ ᠳ᠋ᠤ᠌
ᠬᠠᠨᠢ ᠳ᠋ᠤ᠌ ᠪᠠᠨ ᠵᠢᠷᠭᠠᠯ ᠢᠪᠡᠭᠡᠭᠰᠡᠨ
ᠬᠠᠷᠠᠴᠠᠨ ᠤ᠋ ᠪᠠᠨ ᠭᠡᠷᠡᠯ ᠢ᠋ᠶ᠋ᠡᠷ ᠰᠡᠳᠬᠢᠯ ᠢ᠋ ᠪᠦᠪᠡᠢᠯᠡᠭᠰᠡᠨ
ᠬᠠᠨᠢ ᠶ᠋ᠢᠨ ᠲᠡᠭᠷᠢ ᠪᠦᠰᠡᠭᠦᠢ ᠬᠥᠮᠦᠨ ᠰᠠᠢᠬᠠᠨ
ᠬᠠᠷ᠎ᠠ ᠪᠣᠷᠣ ᠠᠮᠢᠳᠤᠷᠠᠯ ᠢ᠋ᠶ᠋ᠠᠨ ᠰᠡᠳᠬᠢᠯ ᠦ᠋ᠨ ᠲᠠᠮᠢᠷ ᠢ᠋ᠶ᠋ᠠᠷ ᠲᠤᠭᠤᠯᠤᠭᠰᠠᠨ
ᠬᠠᠴᠠᠷ ᠳᠦᠭᠦᠷᠡᠩ ᠢᠨᠢᠶᠡᠮᠰᠦᠭᠯᠡᠯ ᠢ᠋ᠶ᠋ᠡᠷ ᠢ᠋ᠶ᠋ᠡᠨ ᠬᠣᠷᠸ᠎ᠠ ᠳᠡᠯᠡᠬᠡᠢ ᠶ᠋ᠢ ᠳᠣᠯᠠᠭᠠᠴᠠᠭᠣᠯᠣᠭᠰᠠᠨ
ᠠᠮᠢᠳᠤᠷᠠᠯ ᠢ᠋ᠶ᠋ᠠᠨ ᠥᠭᠡᠳᠡ ᠲᠠᠲᠠᠭᠰᠠᠨ ᠠᠵᠢᠯᠴᠢ ᠭᠠᠷᠮᠠᠭᠠᠢ ᠪᠦᠰᠡᠭᠦᠢ ᠬᠥᠮᠦᠨ ᠰᠠᠢᠬᠠᠨ
3 8 ᠪᠦᠰᠡᠭᠦᠢᠴᠦᠳ ᠦ᠋ᠨ ᠪᠠᠶᠠᠷ ᠲᠤ᠌ ᠵᠣᠷᠢᠭᠤᠯᠪᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠦᠰᠦᠭ ᠬᠢᠨᠠᠭᠴᠢ᠄ ᠢᠷᠡᠭᠡᠳᠦᠢ
