ᠮᠣᠩᠭᠣᠯ ᠪᠦᠰᠡᠭᠦᠢ-ᠤᠯᠠᠭᠠᠨᠲᠤᠶᠠᠭ᠎ᠠМонгол бүсгүй-Улаантуяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ-ᠤᠯᠠᠭᠠᠨᠲᠤᠶᠠᠭ᠎ᠠМонгол бүсгүй-Улаантуяа

ᠮᠣᠩᠭᠣᠯ ᠪᠦᠰᠡᠭᠦᠢ-ᠤᠯᠠᠭᠠᠨᠲᠤᠶᠠᠭ᠎ᠠМонгол бүсгүй-Улаантуяа

2025-03-08

288

      ᠤᠯᠠᠭᠠᠨᠲᠤᠶᠠᠭ᠎ᠠ 

ᠦᠷ ᠦ᠋ᠨ ᠴᠣᠯᠮᠣᠨ ᠲᠠᠢ ᠤᠷᠤᠯᠳᠤᠨ ᠪᠣᠰᠴᠤ 
ᠦᠨᠢᠶᠡᠨ ᠵᠠᠯᠠᠨ ᠳ᠋ᠤ᠌ ᠶᠠᠭᠠᠷᠠᠳᠠᠭ ᠰᠠᠭᠠᠯᠢᠴᠢᠨ ᠪᠦᠰᠡᠭᠦᠢ 
ᠥᠷᠯᠥᠭᠡ ᠶ᠋ᠢᠨ ᠨᠠᠷᠠ ᠲᠠᠢ ᠵᠡᠷᠭᠡᠴᠡᠨ ᠭᠢᠯᠠᠯᠵᠠᠵᠤ 
ᠥᠲᠡᠯᠦᠭᠡ ᠨᠢᠯᠬᠠᠰ ᠢ᠋ᠶ᠋ᠠᠨ ᠬᠠᠷᠠᠭᠠᠯᠵᠠᠳᠠᠭ ᠠᠵᠢᠯᠴᠢ ᠪᠦᠰᠡᠭᠦᠢ 

ᠠᠭᠲᠠ ᠶ᠋ᠢᠨ ᠨᠢᠷᠤᠭᠤᠨ ᠳ᠋ᠤ᠌ ᠳᠥᠷᠥᠭᠡ ᠵᠢᠭᠢᠯᠭᠡᠨ          
ᠠᠳᠤᠭᠤ ᠮᠠᠯ ᠢ᠋ᠶ᠋ᠠᠨ ᠬᠠᠷᠢᠭᠤᠯᠳᠠᠭ ᠮᠠᠯᠴᠢᠨ ᠪᠦᠰᠡᠭᠦᠢ 
ᠠᠲᠠᠷ ᠤ᠋ᠨ ᠬᠥᠷᠥᠰᠥᠨ ᠳ᠋ᠦ᠍ ᠴᠢᠬᠢ  ᠪᠣᠢᠵᠢᠭᠤᠯᠤᠨ 
ᠠᠮᠤ ᠬᠤᠷᠢᠶᠠᠳᠠᠭ ᠲᠠᠷᠢᠶᠠᠴᠢᠨ ᠪᠦᠰᠡᠭᠦᠢ 

ᠬᠣᠲᠠᠯᠠ ᠳᠠᠶᠠᠭᠠᠷ ᠲᠠᠢ ᠡᠶᠡᠯᠰᠡᠭ ᠬᠠᠷᠢᠯᠴᠠᠳᠠᠭ ᠵᠣᠴᠢᠨᠰᠠᠭ ᠪᠦᠰᠡᠭᠦᠢ
ᠬᠤᠸᠠᠷ ᠬᠠᠳᠬᠤᠨ ᠬᠤᠪᠴᠠᠰᠤ ᠤᠷᠠᠯᠠᠳᠠᠭ ᠤᠷᠠᠨ ᠪᠦᠰᠡᠭᠦᠢ
ᠪᠢᠯᠢᠭ ᠰᠣᠷᠢᠨ ᠨᠠᠢᠷᠠᠭ  ᠤᠶᠠᠩᠭᠠᠯᠠᠳᠠᠭ ᠰᠡᠴᠡᠨ ᠪᠦᠰᠡᠭᠦᠢ
ᠪᠢᠷ ᠬᠤᠷᠴᠠᠯᠠᠨ ᠰᠤᠳᠤᠷ ᠪᠣᠰᠬᠠᠳᠠᠭ ᠵᠣᠬᠢᠶᠠᠯᠴᠢ ᠪᠦᠰᠡᠭᠦᠢ

ᠬᠠᠨᠢ ᠨᠥᠬᠥᠷ ᠢ᠋ ᠪᠡᠨ ᠬᠠᠢᠷ᠎ᠠ ᠶ᠋ᠢᠨ ᠰᠠᠬᠢᠭᠤᠰᠤ ᠵᠢᠷᠤᠮᠲᠤ ᠪᠦᠰᠡᠭᠦᠢ
ᠬᠠᠢᠷᠠᠲᠤ ᠦᠷ᠎ᠡ ᠶ᠋ᠢᠨ ᠢ᠋ᠶ᠋ᠡᠨ ᠬᠠᠯᠠᠮᠵᠢ ᠶ᠋ᠢᠨ ᠲᠩᠷᠢ ᠪᠤᠷᠬᠠᠨ ᠡᠵᠢ
ᠬᠠᠨ ᠬᠣᠷᠸ᠎ᠠ ᠶ᠋ᠢ ᠬᠠᠢᠷ᠎ᠠ ᠶ᠋ᠢᠨ ᠪᠦᠷᠢᠯᠸ᠎ᠠ ᠳᠠᠭᠢᠨᠢ ᠪᠦᠰᠡᠭᠦᠢ 
ᠬᠠᠯᠠᠭᠤᠨ ᠬᠠᠷᠠᠴᠠ ᠪᠠᠷ ᠢ᠋ᠶ᠋ᠠᠨ ᠬᠠᠷᠠᠴᠤᠳ ᠢ᠋ ᠤᠶᠠᠰᠬᠠᠬᠤ ᠬᠠᠷ᠎ᠠ ᠨᠢᠳᠦᠨ ᠪᠦᠰᠡᠭᠦᠢ

ᠥᠭᠡᠯᠦᠨ ᠡᠬᠡ ᠶ᠋ᠢᠨ ᠰᠤᠷᠭᠠᠯ ᠢ᠋ ᠵᠢᠷᠤᠮᠯᠠᠵᠤ 
ᠦᠷ᠎ᠡ ᠬᠡᠦᠬᠡᠳ ᠢ᠋ᠶ᠋ᠡᠨ ᠬᠥᠮᠦᠵᠢᠭᠦᠯᠦᠭᠰᠡᠨ ᠰᠣᠳᠣᠨ ᠪᠦᠰᠡᠭᠦᠢ
ᠥᠨᠢᠳᠡ ᠶ᠋ᠢᠨ ᠵᠢᠷᠭᠠᠯ ᠢ᠋ ᠴᠣᠭᠴᠠᠯᠠᠵᠤ ᠶᠠᠪᠤᠭᠰᠠᠨ
ᠤᠬᠠᠭᠠᠨᠲᠤ  ᠪᠦᠰᠡᠭᠦᠢᠴᠦᠳ ᠲᠠᠨᠠᠷ ᠮᠢᠨᠢ 

ᠡᠩᠬᠡ ᠬᠣᠷᠸ᠎ᠠ ᠶ᠋ᠢᠨ ᠮᠥᠩᠬᠡ ᠶ᠋ᠢᠨ ᠵᠢᠷᠭᠠᠯ ᠢ᠋ ᠡᠳ᠋ᠯᠡᠲᠦᠭᠡᠢ 
ᠥᠨᠢ ᠡᠭᠦᠷᠢᠳᠡ ᠵᠠᠯᠠᠭᠤ ᠶ᠋ᠢᠨ ᠴᠣᠭ ᠢ᠋ᠶ᠋ᠠᠨ ᠪᠠᠳᠠᠷᠠᠭᠤᠯᠲᠤᠭᠠᠢ!
        2025.3.8

 ᠦᠰᠦᠭ ᠠᠮᠢᠯᠠᠭᠤᠯᠤᠭᠴᠢ᠄ ᠤᠯᠠᠭᠠᠨᠲᠤᠶᠠᠭ᠎ᠠ
 ᠬᠢᠨᠠᠭᠴᠢ᠄ ᠣᠳᠬᠠᠨᠰᠣ᠎ᠠ