ᠠᠯᠠᠭ ᠮᠠᠭᠠᠵᠢАлаг мааж Alag maaj
ᠠᠯᠠᠭ ᠮᠠᠭᠠᠵᠢ
ᠲᠤᠰ ᠡᠮ ᠪᠣᠯ ᠲᠠᠷᠨᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠠᠯᠠᠭ ᠮᠠᠭᠠᠵᠢ ᠶ᠋ᠢᠨ ᠦᠷ᠎ᠡ ᠮᠥᠨ᠃ ᠪᠠᠰᠠ ᠳ᠋ᠠᠨᠷᠾ᠂ ᠠᠯᠠᠭ ᠪᠠᠳ᠋ᠸᠤ᠌᠂ ᠡᠷᠡᠨᠳᠠ ᠭᠡᠳᠡᠭ᠃
[ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃ ᠬᠠᠯᠠᠭᠤᠨ ᠪᠦᠰᠡ ᠳ᠋ᠦ᠍ ᠪᠣᠯ ᠪᠤᠲᠠ ᠮᠣᠳᠣ ᠪᠣᠯᠵᠤ ᠬᠤᠪᠢᠷᠠᠳᠠᠭ᠂2~3m ᠥᠨᠳᠥᠷ᠂ ᠡᠰᠢ ᠨᠢ ᠰᠢᠯᠤᠭᠤᠨ᠂ ᠦᠰᠦ ᠦᠭᠡᠢ᠂ ᠨᠣᠭᠣᠭᠠᠨ ᠪᠤᠶᠤ ᠵᠢᠭᠠᠬᠠᠨ ᠪᠣᠷᠣ ᠥᠩᠭᠡ ᠲᠡᠢ᠂ ᠴᠠᠭᠠᠨ ᠣ ᠲᠠᠢ᠃ ᠳᠠᠩ ᠨᠠᠪᠴᠢ ᠲᠠᠢ ᠪᠥᠭᠡᠳ ᠴᠤᠪᠤᠷᠠᠨ ᠤᠷᠭᠤᠨ᠎ᠠ᠃ ᠤᠷᠲᠤ ᠪᠠᠷᠢᠭᠤᠯ ᠲᠠᠢ᠂ ᠨᠠᠪᠴᠢᠨ ᠢᠯᠲᠠᠰᠤ ᠨᠢ ᠪᠠᠮᠪᠠᠢ ᠰᠢᠭ᠋ ᠲᠣᠭᠣᠷᠢᠭ ᠬᠡᠯᠪᠡᠷᠢ ᠲᠡᠢ᠂ ᠳ᠋ᠢᠶᠠᠮᠧᠲ᠋ᠷ ᠨᠢ20~40cm᠂ ᠠᠯᠠᠭᠠᠯᠢᠭ ᠣᠨᠢ ᠨᠢ ᠨᠠᠪᠴᠢᠨ ᠢᠯᠲᠠᠰᠤ ᠶ᠋ᠢᠨ ᠬᠠᠭᠠᠰ ᠠ᠋ᠴᠠ ᠬᠡᠲᠦᠷᠡᠳᠡᠭ᠃7~9 ᠣᠨᠢ ᠲᠠᠢ᠂ ᠵᠠᠮᠪᠠᠷᠠᠭ᠎ᠠ ᠦᠭᠡᠢ ᠬᠢᠷᠥᠭᠡᠨ ᠰᠢᠳᠦᠲᠦ ᠬᠥᠪᠡᠭᠡ ᠲᠡᠢ᠂ ᠭᠣᠣᠯ ᠰᠤᠳᠠᠯ ᠨᠢ ᠠᠯᠠᠭᠠᠯᠢᠭ᠃ ᠴᠡᠴᠡᠭ ᠨᠢ ᠭᠠᠭᠴᠠ ᠪᠡᠯᠭᠡ ᠲᠡᠢ᠂ ᠴᠠᠴᠤᠭ ᠬᠡᠯᠪᠡᠷᠢ ᠲᠡᠢ ᠪᠤᠶᠤ ᠱᠣᠷᠣᠯᠵᠢᠨ ᠬᠡᠯᠪᠡᠷᠢᠲᠦ ᠪᠠᠭ ᠴᠡᠴᠡᠭ ᠨᠢ ᠣᠷᠣᠢ ᠳ᠋ᠤᠨᠢ ᠳᠡᠯᠭᠡᠷᠡᠨ᠎ᠡ᠃ ᠳᠣᠣᠷ᠎ᠠ ᠬᠡᠰᠡᠭ ᠲᠤᠨᠢ ᠡᠷ᠎ᠡ ᠴᠡᠴᠡᠭ ᠳᠡᠯᠭᠡᠷᠡᠵᠦ᠂ ᠳᠡᠭᠡᠷ᠎ᠡ ᠬᠡᠰᠡᠭ ᠲᠤ ᠡᠮ᠎ᠡ ᠴᠡᠴᠡᠭ ᠳᠡᠯᠭᠡᠷᠡᠨ᠎ᠡ᠃ ᠪᠠᠭᠯᠠᠭᠴᠢ ᠪᠠ ᠵᠢᠵᠢᠭ ᠪᠠᠭᠯᠠᠭᠴᠢ ᠨᠢ ᠥᠨᠳᠡᠭᠡᠯᠵᠢᠨ ᠪᠤᠶᠤ ᠭᠤᠷᠪᠠᠯᠵᠢᠨ ᠬᠡᠯᠪᠡᠷᠢ ᠲᠡᠢ᠂ ᠡᠷ᠎ᠡ ᠴᠡᠴᠡᠭ ᠨᠢ3~5 ᠰᠢᠳᠠᠷ ᠲᠠᠢ᠂ ᠰᠡᠵᠢᠭᠦᠷ ᠢᠯᠲᠠᠰᠤ ᠨᠢ ᠥᠨᠳᠡᠭᠡᠯᠵᠢᠨ ᠭᠤᠷᠪᠠᠯᠵᠢᠨ ᠬᠡᠯᠪᠡᠷᠢ ᠲᠡᠢ᠂ ᠴᠡᠴᠡᠭ ᠦ᠋ᠨ ᠲᠠᠪᠠᠭ ᠦᠭᠡᠢ᠂ ᠡᠷ᠎ᠡ ᠲᠣᠭᠣᠷᠴᠣᠭ ᠨᠢ ᠣᠯᠠᠨ ᠪᠥᠭᠡᠳ ᠢᠬᠴᠤ᠂ ᠨᠡᠢᠯᠡᠭᠡᠳ ᠪᠠᠭᠴᠠ ᠪᠣᠯᠳᠠᠭ᠃ ᠡᠮ᠎ᠡ ᠴᠡᠴᠡᠭ ᠦ᠋ᠨ ᠪᠠᠭᠯᠠᠭᠴᠢ ᠨᠢ ᠡᠷ᠎ᠡ ᠴᠡᠴᠡᠭ ᠲᠡᠢ ᠪᠡᠨ ᠠᠳᠠᠯᠢ ᠪᠣᠯᠪᠠᠴᠤ ᠵᠢᠭᠠᠬᠠᠨ ᠨᠠᠷᠢᠨ᠂ ᠡᠮ᠎ᠡ ᠲᠣᠭᠣᠷᠴᠣᠭ ᠨᠢ ᠥᠨᠳᠡᠭᠡᠯᠵᠢᠨ ᠬᠡᠯᠪᠡᠷᠢ ᠲᠡᠢ᠂ ᠤᠮᠠᠢ ᠨᠢ3 ᠲᠠᠰᠤᠭ ᠲᠠᠢ᠂3 ᠴᠡᠴᠡᠭ ᠦ᠋ᠨ ᠪᠠᠭᠠᠨ᠎ᠠ ᠲᠠᠢ᠂ ᠤᠯᠠᠭᠠᠨ ᠥᠩᠭᠡ ᠲᠡᠢ᠂ ᠣᠷᠣᠢ ᠨᠢ ᠠᠴᠠᠯᠠᠨ ᠰᠠᠯᠠᠭᠠᠯᠠᠨ᠎ᠠ᠃ ᠬᠣᠩᠭᠣᠷᠴᠣᠭᠲᠤ ᠵᠢᠮᠢᠰ ᠨᠢ ᠪᠥᠮᠪᠥᠭᠡᠯᠵᠢᠨ᠂ ᠥᠷᠭᠡᠰᠦ ᠲᠡᠢ᠂ ᠪᠣᠯᠪᠠᠰᠤᠷᠠᠪᠠᠯ ᠬᠠᠭᠠᠷᠠᠨ᠎ᠠ᠃7~8 ᠳ᠋ᠤᠭᠠᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠤᠤᠯ ᠳ᠋ᠠᠭᠠᠨ ᠠᠹᠷᠢᠺᠠ ᠲᠢᠪ ᠲᠦ᠍ ᠲᠠᠷᠬᠠᠴᠠ ᠲᠠᠢ᠃ ᠣᠳᠣ ᠮᠠᠨ ᠤ᠋ ᠤᠯᠤᠰ ᠤ᠋ᠨ ᠡᠯ᠎ᠡ ᠭᠠᠵᠠᠷ ᠲᠤ᠌ ᠨᠡᠢᠳᠡᠮ ᠠᠷᠠᠴᠢᠯᠠᠨ ᠲᠠᠷᠢᠵᠤ ᠪᠠᠢᠨ᠎ᠠ᠃
[ ᠲᠡᠭᠦᠵᠦ ᠪᠣᠯᠪᠠᠰᠤᠷᠠᠭᠤᠯᠬᠤ] ᠨᠠᠮᠤᠷ᠂ ᠵᠢᠮᠢᠰ ᠨᠢ ᠤᠯᠠᠪᠤᠷ ᠥᠩᠭᠡ ᠣᠷᠣᠵᠤ᠂ ᠬᠠᠯᠢᠰᠤ ᠨᠢ ᠬᠠᠭᠠᠷᠠᠬᠤ ᠠ᠋ᠴᠠ ᠡᠮᠦᠨ᠎ᠡ ᠬᠤᠭᠤᠴᠠᠭ᠎ᠠ ᠬᠤᠪᠢᠶᠠᠨ ᠲᠡᠭᠦᠵᠦ᠂ ᠨᠠᠷᠠᠨ ᠳ᠋ᠤ᠌ ᠬᠠᠲᠠᠭᠠᠭᠰᠠᠨ ᠤ᠋ ᠰᠡᠭᠦᠯᠡᠷ ᠵᠢᠮᠢᠰ ᠦ᠋ᠨ ᠬᠠᠯᠢᠰᠤ ᠶ᠋ᠢ ᠨᠢ ᠠᠷᠢᠯᠭᠠᠵᠤ ᠬᠠᠶᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠭᠤᠱᠤᠭᠤᠨ ᠠᠮᠲᠠ ᠲᠠᠢ᠂ ᠲᠡᠭᠰᠢ ᠴᠢᠨᠠᠷ ᠲᠠᠢ᠂ ᠬᠤᠷᠴᠠ ᠡᠷᠳᠡᠮ ᠲᠡᠢ᠂ ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠳᠣᠭᠣᠯᠭᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠪᠠᠳᠭ᠋ᠠᠨ ᠡᠪᠡᠳᠴᠢᠨ᠂ ᠪᠡᠲᠡᠭᠢ᠂ ᠬᠠᠪᠤᠩ᠂ ᠬᠣᠷᠣᠬᠠᠢ ᠡᠪᠡᠳᠴᠢᠨ᠂ ᠶᠠᠷ᠎ᠠ ᠬᠠᠪᠤᠳᠠᠷ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
[ ᠠᠩᠬᠠᠷᠤᠯ] ᠵᠢᠷᠮᠦᠰᠦᠨ ᠡᠮᠡᠭᠲᠡᠢ᠂ ᠲᠠᠮᠢᠷ ᠳᠣᠷᠣᠢ᠂ ᠨᠢᠯᠬ᠎ᠠ ᠬᠡᠦᠬᠡᠳ ᠲᠦ᠍ ᠤᠤᠭᠤᠯᠭᠠᠵᠤ ᠪᠣᠯᠬᠤ ᠦᠭᠡᠢ᠃
ᠬᠢᠲᠠᠳ ᠨᠡᠷ᠎ᠡ᠄ 1.蓖麻子2.蓖麻
ᠠᠩᠭ᠌ᠯᠢ ᠨᠡᠷ᠎ᠡ᠄ Ricinus communis L.
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ