ᠴᠥᠬᠥᠷᠡᠭᠰᠡᠨ ᠰᠢᠯᠦᠭ - ᠪᠠᠪᠤᠤ ᠶ᠋ᠢᠨ ᡀᠬᠠᠪᠠᠰᠥ᠋ᠷᠦᠩ Цөхөрсөн шүлэг – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠥᠬᠥᠷᠡᠭᠰᠡᠨ ᠰᠢᠯᠦᠭ - ᠪᠠᠪᠤᠤ ᠶ᠋ᠢᠨ ᡀᠬᠠᠪᠠᠰᠥ᠋ᠷᠦᠩ Цөхөрсөн шүлэг – Бавуугийн Лхагвасүрэн

ᠴᠥᠬᠥᠷᠡᠭᠰᠡᠨ ᠰᠢᠯᠦᠭ - ᠪᠠᠪᠤᠤ ᠶ᠋ᠢᠨ ᡀᠬᠠᠪᠠᠰᠥ᠋ᠷᠦᠩ Цөхөрсөн шүлэг – Бавуугийн Лхагвасүрэн

2025-03-09

425

ᠴᠥᠬᠥᠷᠡᠭᠰᠡᠨ ᠰᠢᠯᠦᠭ


 ᠪᠢ ᠴᠢᠮ᠎ᠠ ᠳ᠋ᠤ᠌ ᠳᠠᠭᠤᠯᠠᠵᠤ ᠥᠭᠭᠦᠶ᠎ᠡ! 
 ᠠᠶ᠎ᠠ᠂ ᠦᠭᠡ ᠶ᠋ᠢ ᠨᠢ ᠲᠣᠷᠭᠠᠨ ᠴᠢᠨᠠᠳᠤ ᠶ᠋ᠢᠨ 
 ᠠᠯᠢ ᠶ᠋ᠢ ᠨᠢ ᠴᠤ᠌ ᠴᠢ ᠣᠢᠯᠠᠭᠠᠬᠤ ᠦᠭᠡᠢ ᠴᠤ᠌ 
 ᠠᠵᠢᠶᠠᠷᠠᠨ ᠴᠢᠩᠨᠠᠵᠤ ᠪᠠᠢᠭ᠎ᠠ ᠳᠦᠷᠢ ᠡᠰᠬᠡ!  
 ᠪᠢ ᠪᠠᠶᠠᠷᠯᠠᠶ᠎ᠠ! 
 ᠪᠢ ᠴᠢᠮ᠎ᠠ ᠳ᠋ᠤ᠌ ᠤᠬᠢᠯᠠᠵᠤ ᠥᠭᠭᠦᠶ᠎ᠡ! 
 ᠡᠪᠦᠷ ᠳᠡᠭᠡᠷ᠎ᠡ ᠴᠢᠨᠢ ᠲᠣᠰᠴᠤ ᠪᠠᠢᠭ᠎ᠠ ᠨᠢᠯᠪᠤᠰᠤ 
 ᠥᠷᠥᠴᠡᠨ ᠴᠠᠭᠠᠨ᠎ᠠ ᠠ᠋ᠴᠠ ᠣᠷᠬᠢᠭᠰᠠᠨ ᠴᠢᠰᠤ ᠭᠡᠳᠡᠭ ᠢ᠋ ᠨᠢ 
 ᠴᠢ ᠮᠡᠳᠡᠬᠦ ᠦᠭᠡᠢ ᠴᠤ᠌ 
 ᠦᠷᠦ ᠡᠪᠡᠳᠴᠦ ᠪᠠᠢᠭ᠎ᠠ ᠳᠦᠷᠢ ᠡᠰᠬᠡ!  
 ᠪᠢ ᠪᠠᠶᠠᠷᠯᠠᠶ᠎ᠠ!  
 ᠪᠢ ᠴᠢᠮ᠎ᠠ ᠳ᠋ᠤ᠌ ᠦᠯᠢᠭᠡᠷ ᠬᠡᠯᠡᠶ᠎ᠡ! 
 ᠬᠠᠴᠢᠨ ᠰᠠᠢᠬᠠᠨ ᠪᠦᠰᠡᠭᠦᠢ ᠨᠠᠳᠠ ᠳ᠋ᠤ᠌ ᠳᠤᠷᠠᠯᠠᠵᠤ 
 ᠬᠠᠮᠲᠤ᠂ ᠰᠠᠷᠠ ᠲᠠᠯᠠᠯᠠᠵᠤ ᠬᠣᠨᠣᠯ᠎ᠠ ᠭᠡᠬᠦ ᠳ᠋ᠦ᠍ 
 ᠴᠢ ᠲᠣᠭᠣᠬᠤ ᠦᠭᠡᠢ ᠴᠤ᠌ 
 ᠬᠠᠷᠠᠳᠠᠵᠤ ᠪᠠᠢᠭ᠎ᠠ ᠳᠦᠷᠢ ᠡᠰᠬᠡ!  
 ᠪᠢ ᠪᠠᠶᠠᠷᠯᠠᠶ᠎ᠠ!  

       ᠦᠰᠦᠭ ᠠᠮᠢᠯᠠᠭᠤᠯᠤᠭᠴᠢ᠄ ᠡᠩᠬᠡᠪᠠᠲᠤ  
          ᠦᠰᠦᠭ ᠬᠢᠨᠠᠭᠴᠢ᠄ ᠪᠠᠶᠠᠷᠴᠡᠴᠡᠭ